ᠭᠡᠰᠢᠭᠦᠳ ᠬᠤᠷᠤᠭᠤᠨ ᠤ ᠬᠡ ᠪᠡᠷ ᠰᠠᠨᠠᠯ ᠥᠭᠭᠦᠨ᠎ᠡ | News.MN

ᠭᠡᠰᠢᠭᠦᠳ ᠬᠤᠷᠤᠭᠤᠨ ᠤ ᠬᠡ ᠪᠡᠷ ᠰᠠᠨᠠᠯ ᠥᠭᠭᠦᠨ᠎ᠡ

ᠡᠨᠡ ᠣᠨ ᠤ ᠬᠠᠪᠤᠷ ᠤᠨ ᠴᠢᠭᠤᠯᠭᠠᠨ ᠠᠴᠠ ᠡᠬᠢᠯᠡᠨ ᠤᠯᠤᠰ ᠤᠨ ᠶᠡᠬᠡ ᠬᠤᠷᠠᠯ ᠤᠨ ᠭᠡᠰᠢᠭᠦᠨ ᠬᠠᠤᠯᠢ ᠪᠠᠲᠤᠯᠠᠬᠤ ᠰᠠᠨᠠᠯ ᠢᠶᠠᠨ ᠬᠤᠷᠤᠭᠤᠨ ᠤ ᠬᠡ ᠪᠡᠷ ᠢᠶᠡᠨ ᠥᠭᠳᠡᠭ ᠪᠣᠯᠤᠨ᠎ᠠ᠃ ᠡᠨᠡ ᠲᠤᠬᠠᠢ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠥᠨᠥᠳᠥᠷ ᠪᠣᠯᠤᠭᠰᠠᠨ ︽ᠮᠣᠩᠭᠣᠯ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠤᠷᠠᠯᠳᠤᠭᠠᠨ ᠤ ᠳᠢᠭ ᠦᠨ ᠲᠤᠬᠠᠢ ᠬᠠᠤᠯᠢ ᠶᠢᠨ ᠬᠡᠷᠡᠭᠵᠢᠯᠲᠡ ᠶᠢᠨ ᠪᠠᠶᠢᠳᠠᠯ᠂ ᠪᠤᠰᠤᠳ ᠣᠷᠣᠨ ᠤ ᠲᠤᠷᠰᠢᠯᠭ᠎ᠠ᠂ ᠲᠡᠭᠦᠨ ᠢ ᠨᠡᠪᠲᠡᠷᠡᠭᠦᠯᠬᠦ ᠪᠣᠯᠤᠮᠵᠢ︾ ᠰᠡᠳᠦᠪᠲᠦ ᠬᠡᠯᠡᠯᠴᠡᠭᠦᠯᠭᠡ ᠶᠢᠨ ᠦᠶ᠎ᠡ ᠪᠡᠷ ᠮᠡᠳᠡᠭᠡᠯᠡᠪᠡ᠃ ᠭᠡᠰᠢᠭᠦᠳ ᠦᠨ ᠢᠷᠡᠴᠡ ᠪᠣᠯᠤᠨ ᠰᠠᠨᠠᠯ ᠢ ᠬᠤᠷᠤᠭᠤᠨ ᠤ ᠬᠡ ᠪᠡᠷ ᠪᠦᠷᠢᠳᠬᠡᠳᠡᠭ ᠪᠣᠯᠤᠭᠰᠠᠨ ᠢᠶᠠᠷ ᠪᠤᠰᠤᠳ ᠤᠨ ᠡᠮᠦᠨ᠎ᠡ ᠡᠴᠡ  ︽ᠺᠨᠣᠫ ᠳᠠᠷᠤᠳᠠᠭ︾ ᠠᠰᠠᠭᠤᠳᠠᠯ ᠦᠭᠡᠢ ᠪᠣᠯᠤᠨ᠎ᠠ ᠬᠡᠮᠡᠨ ᠦᠵᠡᠵᠦ ᠪᠠᠶᠢᠨ᠎ᠠ᠃ ᠮᠥᠨ ᠤᠯᠤᠰ ᠤᠨ ᠶᠡᠬᠡ ᠬᠤᠷᠠᠯ ᠤᠨ ᠬᠤᠷᠠᠯᠳᠤᠭᠠᠨ ᠤ ᠲᠠᠩᠬᠢᠮ ᠫᠣᠫᠦ᠋ᠯᠢᠰᠮ᠂ ᠬᠡᠷᠡᠭᠦᠯ ᠦᠨ ᠲᠠᠶᠢᠰᠠ ᠪᠤᠰᠤ ᠢᠷᠭᠡᠳ ᠦᠨ ᠢᠶᠡᠨ ᠬᠦᠰᠡᠯ ᠵᠣᠷᠢᠭ ᠢ ᠢᠯᠡᠷᠬᠡᠶᠢᠯᠡᠳᠡᠭ ᠶᠡᠨᠳᠡᠷ᠂ ᠰᠢᠨᠵᠢᠯᠡᠬᠦ ᠤᠬᠠᠭᠠᠨ ᠤ ᠪᠠᠷᠢᠮᠲᠠ ᠨᠣᠲᠠᠯᠠᠭᠠᠨ ᠳᠤ ᠰᠠᠭᠤᠷᠢᠯᠠᠭᠰᠠᠨ ᠫᠠᠷᠯᠠᠮᠧᠨᠲ ᠤᠨ ᠮᠡᠳᠬᠡᠯᠴᠡᠭᠡᠨ ᠥᠷᠨᠢᠭᠦᠯᠬᠦ ᠵᠠᠮ ᠢᠶᠠᠷ ᠬᠠᠤᠯᠢ ᠲᠣᠭᠲᠠᠭᠠᠳᠠᠭ ᠲᠠᠯᠠᠪᠤᠷ ᠪᠣᠯᠤᠨ᠎ᠠ ᠭᠡᠳᠡᠭ ᠢ ᠤᠯᠤᠰ ᠤᠨ ᠶᠡᠬᠡ ᠬᠤᠷᠠᠯ ᠤᠨ ᠳᠠᠷᠤᠭ᠎ᠠ ᠳᠤᠷᠠᠳᠤᠭᠰᠠᠨ ᠶᠤᠮ᠃
ᠬᠡᠯᠡᠯᠴᠡᠭᠦᠯᠭᠡ ᠶᠢᠨ ᠦᠶ᠎ᠡ ᠪᠡᠷ᠂ ᠰ∙ᠪᠢᠮᠪᠠᠴᠤᠭᠲᠤ ᠭᠡᠰᠢᠭᠦᠨ ︽ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠤᠷᠠᠯᠳᠤᠭᠠᠨ ᠤ ᠳᠢᠭ ᠦᠨ ᠰᠢᠨᠡᠴᠢᠯᠡᠯ ᠦᠨ ᠵᠠᠷᠢᠮ ᠠᠰᠠᠭᠤᠳᠠᠯ︾ ᠰᠡᠳᠦᠪ ᠢᠶᠡᠷ ᠮᠡᠳᠡᠭᠡᠯᠡᠯ ᠬᠢᠪᠡ᠃  ︽ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠤᠷᠠᠯᠳᠤᠭᠠᠨ ᠤ ᠳᠢᠭ ᠦᠨ ᠲᠤᠬᠠᠢ︾ ᠬᠠᠤᠯᠢ ᠶᠢ 2007 ᠣᠨ ᠳᠤ ᠪᠠᠲᠤᠯᠠᠭᠰᠠᠨ ᠠᠴᠠ ᠬᠣᠶᠢᠰᠢ 21 ᠤᠳᠠᠭ᠎ᠠ ᠨᠡᠮᠡᠯᠲᠡ ᠥᠭᠡᠷᠡᠴᠢᠯᠡᠯᠲᠡ ᠣᠷᠣᠭᠤᠯᠤᠭᠰᠠᠨ ᠪᠠᠶᠢᠨ᠎ᠠ᠃ ᠡᠨᠡ ᠣᠨ ᠤ ᠳᠥᠷᠪᠡᠳᠦᠭᠡᠷ ᠰᠠᠷ᠎ᠠ ᠶᠢᠨ 05 ᠠᠴᠠ ᠬᠡᠷᠡᠭᠵᠢᠭᠦᠯᠵᠦ ᠡᠬᠢᠯᠡᠬᠦ ᠰᠢᠨ᠎ᠡ ᠬᠠᠤᠯᠢ ᠪᠠᠷ ᠭᠡᠰᠢᠭᠦᠨ ᠴᠢᠭᠤᠯᠭᠠᠨ ᠪᠣᠯᠤᠨ ᠪᠠᠶᠢᠩᠭᠤ ᠶᠢᠨ ᠬᠣᠷᠢᠶᠠᠨ ᠤ ᠬᠤᠷᠠᠯᠳᠤᠭᠠᠨ ᠳᠤ ᠣᠷᠣᠯᠴᠠᠭᠰᠠᠨ ᠢᠷᠡᠴᠡ ᠶᠢᠨ ᠮᠡᠳᠡᠭᠡ ᠶᠢ ᠰᠠᠷ᠎ᠠ ᠪᠦᠷᠢ ᠭᠠᠷᠭᠠᠵᠤ᠂ ᠮᠡᠳᠡᠭᠡᠯᠡᠬᠦ ᠶᠤᠮ᠃ ᠲᠡᠭᠦᠨᠴᠢᠯᠡᠨ ᠴᠢᠭᠤᠯᠭᠠᠨ ᠤ ᠬᠤᠷᠠᠯᠳᠤᠭᠠᠨ ᠤ ᠦᠶ᠎ᠡ ᠪᠡᠷ ᠭᠡᠰᠢᠭᠦᠳ ᠦᠨ ᠠᠰᠠᠭᠤᠯᠲᠠ ᠳᠤ ᠬᠠᠷᠢᠭᠤᠯᠵᠤ ᠪᠠᠶᠢᠭ᠎ᠠ ᠠᠯᠪᠠᠨ ᠲᠤᠰᠢᠶᠠᠯᠲᠠᠨ ᠵᠥᠪᠬᠡᠨ ᠪᠣᠳᠠᠲᠤ ᠮᠡᠳᠡᠭᠡᠯᠡᠯ ᠥᠭᠬᠦ᠂ ᠠᠰᠠᠭᠤᠯᠲᠠ ᠳᠤ ᠪᠦᠷᠢᠨ ᠳᠦᠭᠦᠷᠡᠩ ᠬᠠᠷᠢᠭᠤᠯᠬᠤ ᠶᠢ ᠬᠠᠤᠯᠢ ᠪᠠᠷ ᠡᠭᠦᠷᠭᠡ ᠪᠣᠯᠭᠠᠭᠰᠠᠨ᠃ ᠬᠡᠷᠪᠡ ᠬᠤᠳᠠᠯ ᠮᠡᠳᠡᠭᠡᠯᠡᠯ ᠥᠭᠭᠦᠭᠰᠡᠨ ᠪᠠᠶᠢᠪᠠᠯ ᠬᠠᠤᠯᠢ ᠶᠢᠨ ᠬᠠᠷᠢᠭᠤᠴᠠᠯᠭ᠎ᠠ ᠲᠣᠭᠠᠴᠠᠨ᠎ᠠ ᠭᠡᠳᠡᠭ ᠢ ᠰ∙ᠪᠢᠮᠪᠠᠴᠤᠭᠲᠤ ᠭᠡᠰᠢᠭᠦᠨ ᠬᠡᠯᠡᠯ᠎ᠡ᠃ ᠮᠥᠨ ᠦᠶ᠎ᠡ ᠪᠡᠷ ᠤᠯᠤᠰ ᠤᠨ ᠶᠡᠬᠡ ᠬᠤᠷᠠᠯ ᠤᠨ ᠪᠦᠲᠦᠴᠡ ᠳᠦ ᠳᠢᠭ ᠦᠨ ᠠᠰᠠᠭᠤᠳᠠᠯ ᠬᠠᠷᠢᠭᠤᠴᠠᠭᠰᠠᠨ ᠬᠣᠷᠢᠶ᠎ᠠ ᠪᠠᠶᠢᠭᠤᠯᠬᠤ᠂ ᠡᠭᠡᠯᠵᠢᠲᠦ ᠴᠢᠭᠤᠯᠭᠠᠨ ᠤ ᠬᠤᠭᠤᠴᠠᠭᠠᠨ ᠳᠤ ᠨᠡᠶᠢᠲᠡ ᠬᠤᠷᠠᠯᠳᠤᠭᠠᠨ ᠤ 50 ᠠᠴᠠ ᠳᠡᠭᠡᠭᠰᠢ ᠬᠤᠪᠢ ᠳᠤ ᠣᠷᠣᠯᠴᠠᠭ᠎ᠠ ᠦᠭᠡᠢ ᠭᠡᠰᠢᠭᠦᠨ ᠦ ᠪᠦᠷᠢᠨ ᠡᠷᠬᠡ ᠶᠢ ᠲᠦᠳᠡᠭᠡᠯᠵᠡᠭᠦᠯᠬᠦ ᠵᠢᠭᠠᠯᠲᠠ ᠤᠷᠤᠭᠤᠯᠬᠤ ᠰᠠᠨᠠᠯ ᠢ ᠤᠯᠤᠰ ᠤᠨ ᠶᠡᠬᠡ ᠬᠤᠷᠠᠯ ᠤᠨ ᠳᠠᠷᠤᠭ᠎ᠠ ᠠᠰᠠᠨ ᠷ∙ ᠭᠣᠨᠴᠣᠭᠳᠣᠷᠵᠢ᠂ ᠳ∙ᠳᠡᠮᠪᠡᠷᠢᠯ ᠨᠠᠷ ᠭᠠᠷᠭᠠᠪᠠ᠃

ᠰᠡᠳᠬᠢᠭᠳᠡᠯ ᠦᠯᠡᠳᠡᠭᠡᠬᠦ