ᠪ∙ᠪᠠᠶᠠᠷᠴᠡᠩᠭᠡᠯ ᠳᠦ ᠠᠩᠭᠯᠢ ᠶᠢᠨ ᠬᠢᠨ ᠬᠠᠮᠲᠤᠷᠠᠨ ᠠᠵᠢᠯᠯᠠᠬᠤ ᠰᠠᠨᠠᠯ ᠲᠠᠯᠪᠢᠵᠠᠢ | News.MN

ᠪ∙ᠪᠠᠶᠠᠷᠴᠡᠩᠭᠡᠯ ᠳᠦ ᠠᠩᠭᠯᠢ ᠶᠢᠨ ᠬᠢᠨ ᠬᠠᠮᠲᠤᠷᠠᠨ ᠠᠵᠢᠯᠯᠠᠬᠤ ᠰᠠᠨᠠᠯ ᠲᠠᠯᠪᠢᠵᠠᠢ

ᠯᠣᠨᠳᠣᠨ ᠬᠤᠲᠠᠨ᠎ᠠ ᠡᠨᠡ ᠰᠠᠷ᠎ᠠ ᠶᠢᠨ 16-17 ᠳᠦ ᠪᠣᠯᠤᠭᠰᠠᠨ Parallax Art Fair 2019 ᠣᠯᠠᠨ ᠤᠯᠤᠰ ᠤᠨ ᠦᠵᠡᠰᠬᠦᠯᠡᠩ ᠳᠦ ᠵᠢᠷᠤᠭᠠᠴᠢ᠂ ᠰᠡᠶᠢᠯᠪᠤᠷᠢᠴᠢ ᠮ∙ᠠᠷᠢᠭᠤᠨᠪᠠᠶᠠᠷ᠂ ᠵᠢᠷᠤᠭᠠᠴᠢ ᠪ∙ᠪᠠᠶᠠᠷᠴᠡᠩᠭᠡᠯ ᠨᠠᠷ ᠣᠷᠣᠯᠴᠠᠵᠤ᠂ ᠮᠣᠩᠭᠣᠯ ᠤᠨ ᠨᠡᠭᠦᠳᠡᠯᠴᠢᠨ ᠠᠬᠤᠢ ᠶᠢ ᠢᠯᠡᠷᠬᠡᠶᠢᠯᠡᠭᠰᠡᠨ ᠤᠷᠠᠨ ᠪᠦᠲᠦᠭᠡᠯ ᠦᠨ ᠳᠡᠭᠡᠵᠢ ᠪᠡᠨ  ᠤᠯᠠᠨ ᠳᠤ ᠲᠠᠨᠢᠯᠴᠠᠭᠤᠯᠪᠠ᠃ ᠮᠣᠩᠭᠣᠯ ᠤᠨ ᠤᠷᠠᠴᠤᠳ ᠤᠨ ᠡᠪᠯᠡᠯ ᠦᠨ ᠭᠡᠰᠢᠭᠦᠨ᠂ ᠵᠢᠷᠤᠭᠠᠴᠢ ᠪ∙ᠪᠠᠶᠠᠷᠴᠡᠩᠭᠡᠯ ᠣᠷᠣᠰ᠂ ᠬᠢᠲᠠᠳ᠂ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠤ ᠦᠵᠡᠰᠭᠦᠯᠡᠩ ᠢᠶᠡᠨ ᠳᠡᠯᠭᠡᠵᠦ ᠪᠠᠶᠢᠭᠰᠠᠨ ᠴᠢᠳᠠᠪᠤᠷᠢᠯᠢᠭ ᠤᠷᠠᠨ ᠪᠦᠲᠦᠭᠡᠯᠵᠢ ᠶᠤᠮ᠃ Parallax Art Fair ᠍ ᠳᠦ ᠤᠷᠤᠯᠴᠠᠬᠤ ᠦᠶ᠎ᠡ ᠳᠦ ᠲᠡᠭᠦᠨ ᠳᠦ ᠠᠩᠭᠯᠢ ᠶᠢᠨ ᠬᠣᠶᠠᠷ ᠭᠠᠯᠯᠸᠷᠢ ᠬᠠᠮᠲᠤᠷᠠᠨ ᠠᠵᠢᠯᠯᠠᠬᠤ ᠰᠠᠨᠠᠯ ᠲᠠᠯᠪᠢᠭᠰᠠᠨ ᠪᠠᠶᠢᠨ᠎ᠠ᠃
ᠲᠥᠷᠥ ᠶᠢᠨ ᠬᠠᠨ ᠬᠤᠭᠤᠷ᠂ ᠤᠯᠠᠭᠠᠨᠪᠠᠭᠠᠲᠤᠷ ᠬᠣᠲᠠ ᠶᠢᠨ ᠬᠤᠭᠤᠷ ᠤᠨ ᠵᠠᠭᠪᠤᠷ ᠢ ᠪᠦᠲᠦᠭᠡᠬᠦ ᠳᠦ ᠣᠷᠣᠯᠴᠠᠵᠤ ᠪᠠᠶᠢᠭᠰᠠᠨ ᠴᠢᠳᠠᠪᠤᠷᠢᠯᠢᠭ ᠤᠷᠠᠨ ᠪᠦᠲᠦᠭᠡᠯᠴᠢ᠂ ᠵᠢᠷᠤᠭᠠᠴᠢ᠂ ᠰᠡᠶᠢᠯᠪᠤᠷᠢᠴᠢ ᠮ∙ᠠᠷᠢᠭᠤᠨᠪᠠᠶᠠᠷ 2018 ᠣᠨ ᠳᠤ  ᠶᠡᠬᠡ ᠪᠷᠢᠲ᠋ᠠᠨ ᠳᠦ ᠰᠠᠭᠤᠭ᠎ᠠ ᠡᠯᠴᠢᠨ ᠰᠠᠶᠢᠳ ᠤᠨ ᠶᠠᠮᠤᠨ᠂ ᠺᠠᠮᠪᠷᠢᠵ ᠶᠡᠬᠡ ᠰᠤᠷᠭᠠᠭᠤᠯᠢ ᠳᠤ 11 ᠰᠡᠶᠢᠯᠪᠤᠷᠢ ᠡᠴᠡ ᠪᠦᠷᠢᠳᠦᠭᠰᠡᠨ Mongols ᠦᠵᠡᠰᠭᠦᠯᠡᠩ ᠢᠶᠡᠨ ᠳᠡᠯᠭᠡᠵᠦ ᠪᠠᠶᠢᠪᠠ᠃ ᠡᠨᠡᠬᠦ ᠦᠵᠡᠰᠬᠦᠯᠡᠩ ᠳᠦ ᠳᠡᠯᠡᠬᠡᠢ ᠶᠢᠨ 300 ᠣᠷᠴᠢᠮ ᠤᠷᠠᠨ ᠪᠦᠲᠦᠭᠡᠯᠴᠢ ᠣᠷᠣᠯᠴᠠᠵᠤ᠂ 7000 ᠭᠠᠷᠤᠢ ᠪᠦᠲᠦᠭᠡᠯ ᠢᠶᠡᠨ ᠣᠯᠠᠨ ᠤ ᠬᠦᠷᠲᠡᠭᠡᠯ ᠪᠣᠯᠭᠠᠭᠰᠠᠨ ᠪᠥᠭᠡᠳ 16 ᠮᠢᠩᠭ᠎ᠠ ᠭᠠᠷᠤᠢ ᠬᠦᠮᠦᠨ ᠦᠵᠡᠵᠦ ᠰᠣᠨᠢᠷᠬᠠᠵᠠᠢ ᠃ Parallax Art Fair-2018 ᠣᠯᠠᠨ ᠤᠯᠤᠰ ᠤᠨ ᠦᠵᠡᠰᠬᠦᠯᠡᠩ ᠳᠦ ᠪᠷᠢᠲ᠋ᠠᠨ ᠳᠤ ᠠᠵᠢᠯᠯᠠᠵᠤ ᠠᠮᠢᠳᠤᠷᠠᠵᠤ ᠪᠤᠢ ᠮᠣᠩᠭᠣᠯ  ᠵᠢᠷᠤᠭᠠᠴᠢ ᠲ∙ᠣᠳᠬᠣᠨᠪᠠᠶᠠᠷ᠂ ᠰ∙ᠠᠯᠲᠠᠨᠴᠤᠤᠵᠢ᠂ ᠬ∙ᠡᠯᠪᠡᠭᠵᠠᠶᠠᠭ᠎ᠠ ᠨᠠᠷ ᠣᠷᠣᠯᠴᠠᠵᠤ᠂ ᠮᠣᠩᠭᠣᠯ ᠤᠨ ᠤᠷᠠᠯᠢᠭ ᠰᠤᠶᠤᠯ ᠢ ᠳᠡᠯᠡᠬᠡᠢ ᠨᠡᠶᠢᠲᠡ ᠳᠦ ᠰᠤᠷᠲᠠᠯᠴᠢᠯᠠᠵᠤ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ