ᠰᠠᠯᠪᠤᠷᠢ ᠵᠥᠪᠯᠡᠯ ᠠᠵᠢᠯ ᠢᠶᠠᠨ ᠲᠠᠶᠢᠯᠤᠩᠨᠠᠪᠠ | News.MN

ᠰᠠᠯᠪᠤᠷᠢ ᠵᠥᠪᠯᠡᠯ ᠠᠵᠢᠯ ᠢᠶᠠᠨ ᠲᠠᠶᠢᠯᠤᠩᠨᠠᠪᠠ

ᠮᠤᠩᠭᠤᠯ ᠤᠨ ᠰᠡᠳᠭᠦᠯᠴᠢᠳ ᠦᠨ ᠨᠢᠭᠡᠳᠦᠭᠰᠡᠨ ᠡᠪᠯᠡᠯ᠍ ᠦᠨ ᠳᠣᠷᠣᠨᠠᠭᠣᠪᠢ ᠠᠶᠢᠮᠠᠭ ᠳᠠᠬᠢ ᠰᠠᠯᠪᠤᠷᠢ ᠬᠣᠶᠠᠳᠤᠭᠠᠷ ᠰᠠᠷ᠎ᠠ ᠶᠢᠨ 16 ᠳᠦ ᠪᠦᠬᠦ ᠭᠡᠰᠢᠭᠦᠳ ᠦᠨ ᠬᠤᠷᠠᠯ ᠢᠶᠠᠨ ᠵᠣᠬᠢᠶᠠᠨ ᠪᠠᠶᠢᠭᠤᠯᠵᠤ᠂ ᠰᠠᠯᠪᠤᠷᠢ ᠶᠢᠨ 2018 ᠣᠨ ᠤ ᠠᠵᠢᠯ ᠤᠨ ᠲᠠᠶᠢᠯᠤᠨ ᠢᠶᠡᠨ ᠬᠡᠯᠡᠯᠴᠡᠭᠰᠡᠨ ᠡᠴᠡ ᠭᠠᠳᠠᠨ᠎ᠠ ᠡᠨᠡ ᠣᠨ ᠳᠤ ᠬᠡᠷᠡᠭᠵᠢᠭᠦᠯᠬᠦ ᠠᠵᠢᠯ ᠤᠨ ᠲᠥᠯᠥᠪᠯᠡᠭᠡ ᠪᠡᠨ ᠪᠠᠲᠤᠯᠠᠵᠠᠢ᠃
ᠳᠣᠷᠣᠨᠠᠭᠣᠪᠢ ᠶᠢᠨ ᠰᠠᠯᠪᠤᠷᠢ 2018 ᠣᠨ ᠳᠤ ᠮᠤᠩᠭᠤᠯ ᠤᠨ ᠰᠡᠳᠭᠦᠯᠴᠢᠳ ᠦᠨ ᠨᠢᠭᠡᠳᠦᠭᠰᠡᠨ ᠡᠪᠯᠡᠯ᠍᠍ ᠡᠴᠡ ᠰᠠᠨᠠᠭᠠᠴᠢᠯᠠᠭᠰᠠᠨ ᠪᠦᠰᠡᠴᠢᠯᠡᠭᠰᠡᠨ ᠰᠤᠷᠭᠠᠯᠲᠠ ᠶᠢᠨ ᠵᠡᠭᠦᠨ ᠪᠥᠰᠡ ᠶᠢᠨ ᠠᠷᠭ᠎ᠠ ᠬᠡᠮᠵᠢᠶ᠎ᠡ ᠶᠢ ᠣᠷᠣᠨ ᠨᠤᠲᠤᠭ ᠤᠨ ᠵᠠᠰᠠᠭ ᠵᠠᠬᠢᠷᠭ᠎ᠠ ᠲᠡᠢ ᠬᠠᠮᠲᠤᠷᠠᠨ ᠠᠶᠢᠮᠠᠭ ᠲᠤ ᠪᠠᠨ ᠵᠣᠬᠢᠶᠠᠨ ᠪᠠᠶᠢᠭᠤᠯᠤᠭᠰᠠᠨ᠂ ᠵᠡᠭᠦᠨ ᠪᠥᠰᠡ ᠶᠢᠨ ᠰᠡᠳᠬᠦᠯᠴᠢᠳ ᠲᠦ ᠰᠠᠶᠢᠨᠱᠠᠩᠳᠠ ᠬᠣᠲᠠ ᠪᠠᠨ ᠲᠠᠨᠢᠯᠴᠠᠭᠤᠯᠤᠭᠰᠠᠨ᠂ ︽ᠰᠡᠳᠬᠦᠯᠴᠢ︾ᠰᠡᠳᠬᠦᠯ ᠳᠦ ᠰᠠᠯᠪᠤᠷᠢ ᠶᠢᠨ ᠠᠵᠢᠯ ᠬᠢᠭᠡᠳ ᠠᠶᠢᠮᠠᠭ ᠣᠷᠣᠨ ᠤ ᠪᠦᠲᠦᠭᠡᠨ ᠪᠠᠶᠢᠭᠤᠯᠤᠯᠲᠠ ᠶᠢ ᠰᠤᠷᠲᠠᠯᠴᠢᠯᠠᠭᠰᠠᠨ᠂ ᠬᠡᠨᠲᠡᠢ ᠠᠶᠢᠮᠠᠭ ᠤᠨ ︽ᠠᠪᠤᠷᠭᠤ︾ ᠲᠣᠰᠤᠨ ᠷᠠᠰᠢᠶᠠᠨ ᠳᠤ ᠪᠣᠯᠤᠭᠰᠠᠨ ᠰᠡᠳᠬᠦᠯᠴᠢᠳ ᠦᠨ ᠤᠷᠠᠯᠢᠭ ᠰᠫᠣᠷᠲ ᠤᠨ ᠨᠠᠭᠠᠳᠤᠮ ᠳᠤ  ᠪᠠᠭ ᠢᠶᠠᠷ ᠢᠶᠠᠨ II ᠪᠠᠶᠢᠷᠢ ᠳᠤ ᠰᠢᠯᠭᠠᠷᠠᠭᠰᠠᠨ᠂ ᠰᠢᠲᠠᠷ᠎ᠠ᠂ ᠲᠧᠨᠨᠢᠰ᠂ ᠤᠷᠠᠯᠢᠭ ᠤᠨ ᠲᠥᠷᠥᠯ ᠢᠶᠡᠷ ᠬᠤᠪᠢ ᠶᠢᠨ ᠳ᠋ᠦᠩ ᠢᠶᠡᠷ ᠲᠡᠷᠢᠭᠦᠨ᠂ ᠳᠡᠳ᠋ ᠪᠠᠶᠢᠷᠢ ᠳᠤ ᠰᠢᠯᠭᠠᠷᠠᠭᠰᠠᠨ᠂ ᠮᠤᠩᠭᠤᠯ ᠤᠨ ᠰᠡᠳᠭᠦᠯᠴᠢᠳ ᠦᠨ ᠨᠢᠭᠡᠳᠦᠭᠰᠡᠨ ᠡᠪᠯᠡᠯ᠍  ᠦᠨ ᠤᠷᠢᠯᠭ᠎ᠠ ᠪᠠᠷ ᠠᠶᠢᠯᠴᠢᠯᠠᠭᠰᠠᠨ ᠰᠣᠯᠣᠩᠭᠣᠰ ᠤᠨ ᠰᠡᠳᠬᠦᠯᠴᠢᠳ ᠦᠨ ᠲᠥᠯᠥᠭᠡᠯᠡᠭᠴᠢᠳ ᠢ ᠳᠣᠷᠣᠨᠠᠭᠣᠪᠢ ᠳᠤ ᠢᠷᠡᠬᠦ ᠳᠦ ᠬᠦᠯᠢᠶᠡᠨ ᠠᠪᠤᠭᠰᠠᠨ ᠭᠡᠳ ᠴᠢᠮᠠᠭᠦᠢ ᠢᠳᠡᠪᠬᠢ ᠵᠢᠳᠬᠦᠯ ᠭᠠᠷᠭᠠᠵᠤ ᠠᠵᠢᠯᠯᠠᠭᠰᠠᠨ ᠢ ᠭᠡᠰᠢᠭᠦᠳ ᠣᠨᠴᠠᠯᠠᠭᠰᠠᠨ ᠪᠠᠶᠢᠨ᠎ᠠ᠃ ᠮᠥᠨ 2019 ᠣᠨ ᠤ ᠬᠡᠷᠡᠭᠵᠢᠭᠦᠯᠬᠦ ᠠᠵᠢᠯ ᠤᠨ ᠬᠦᠷᠢᠶᠡᠨ ᠳᠦ ᠲᠠᠲᠠᠪᠤᠷᠢ ᠬᠤᠷᠢᠶᠠᠮᠵᠢ ᠪᠠᠨ ᠣᠶᠢᠷ᠎ᠠ ᠶᠢᠨ ᠦᠶ᠎ᠡ ᠳᠦ ᠪᠠᠭᠲᠠᠭᠠᠵᠤ ᠴᠤᠭᠯᠠᠭᠤᠯᠬᠤ᠂ ᠭᠡᠰᠢᠭᠦᠳ ᠦᠨ ᠳᠤᠮᠳᠠ ᠰᠫᠣᠷᠲ ᠤᠨ ᠤᠷᠤᠯᠳᠤᠭᠠᠨ ᠲᠡᠮᠡᠴᠡᠭᠡᠨ ᠵᠣᠬᠢᠶᠠᠨ ᠪᠠᠶᠢᠭᠤᠯᠬᠤ᠂ ︽ᠢᠯᠠᠯᠲᠠ︾ ᠰᠣᠨᠢᠨ ᠤ ᠡᠷᠬᠢᠯᠡᠭᠴᠢ᠂ ᠬᠠᠷᠢᠭᠤᠴᠠᠯᠭ᠎ᠠ ᠲᠠᠢ ᠨᠠᠷᠢᠨ ᠪᠢᠴᠢᠭ ᠦᠨ ᠳᠠᠷᠤᠭ᠎ᠠ ᠪᠠᠷ ᠣᠯᠠᠨ ᠵᠢᠯ ᠠᠵᠢᠯᠯᠠᠭᠰᠠᠨ᠂ ᠲᠣᠭᠲᠠᠮᠠᠯ ᠬᠡᠪᠯᠡᠯ ᠦᠨ ᠬᠦᠭᠵᠢᠯ ᠳᠦ ᠦᠨᠡᠲᠡᠢ ᠬᠤᠪᠢ ᠨᠡᠮᠡᠷᠢ ᠣᠷᠣᠭᠤᠯᠤᠭᠰᠠᠨ ᠰᠡᠳᠬᠦᠯᠴᠢ ᠨ᠂ ᠨᠠᠮᠵᠢᠯᠳᠣᠷᠵᠢ ᠠᠭᠰᠠᠨ ᠤ ᠬᠥᠳᠡᠯᠮᠦᠷᠢ᠂ ᠳᠤᠷᠠᠰᠬᠠᠯ ᠢ ᠬᠦᠨᠳᠦᠳᠭᠡᠬᠦ ᠵᠡᠷᠭᠡ ᠠᠵᠢᠯ ᠵᠣᠬᠢᠶᠠᠨ ᠪᠠᠶᠢᠭᠤᠯᠬᠤ ᠪᠠᠷ ᠰᠢᠢᠳᠪᠦᠷᠢᠯᠡᠪᠡ᠃

ᠰᠡᠳᠬᠢᠭᠳᠡᠯ ᠦᠯᠡᠳᠡᠭᠡᠬᠦ