︽ᠭᠣᠪᠢ︾ ᠺᠤᠮᠫᠠᠨᠢ 5.3 ᠲᠡᠷᠪᠤᠮ  ᠦᠨ ᠨᠣᠭᠳᠠᠯ ᠠᠰᠢᠭ ᠬᠤᠪᠢᠶᠠᠷᠢᠯᠠᠯ᠎ᠠ | News.MN

︽ᠭᠣᠪᠢ︾ ᠺᠤᠮᠫᠠᠨᠢ 5.3 ᠲᠡᠷᠪᠤᠮ  ᠦᠨ ᠨᠣᠭᠳᠠᠯ ᠠᠰᠢᠭ ᠬᠤᠪᠢᠶᠠᠷᠢᠯᠠᠯ᠎ᠠ

︽ᠭᠣᠪᠢ︾ ᠺᠤᠮᠫᠠᠨᠢ ᠶᠢᠨ ᠲᠥᠯᠥᠭᠡᠯᠡᠨ ᠤᠳᠤᠷᠢᠳᠬᠤ ᠵᠥᠪᠯᠡᠯ ᠦᠨ 2019 ᠣᠨ ᠤ 2 ᠳ᠋ᠤᠭᠠᠷ ᠰᠠᠷ᠎ᠠ ᠶᠢᠨ 13 ᠍ ᠤ ᠡᠳᠦᠷ ᠦᠨ ᠲᠣᠭᠲᠠᠭᠠᠯ ᠢᠶᠠᠷ ᠺᠣᠮᠫᠠᠨᠢ ᠶᠢᠨ 2018 ᠣᠨ ᠤ ᠴᠡᠪᠡᠷ ᠠᠰᠢᠭ ᠠᠴᠠ ᠨᠢᠭᠡᠴᠢ  ᠬᠤᠪᠢᠴᠠᠭᠠᠨ ᠳᠤ 6.8 ᠲᠥᠭᠥᠷᠢᠭ ︵ᠲᠠᠲᠠᠪᠤᠷᠢ ᠶᠢᠨ ᠡᠮᠦᠨᠡᠬᠢ ᠳ᠋ᠦᠩ︶ ᠪᠤᠶᠤ ᠨᠡᠶᠢᠲᠡ 5304765000 ᠲᠥᠭᠥᠷᠢᠭ ᠦᠨ ᠨᠣᠭᠳᠠᠯ ᠠᠰᠢᠭ ᠢ ᠬᠤᠪᠢᠶᠠᠷᠢᠯᠠᠬᠤ ᠪᠠᠷ ᠰᠢᠢᠳᠪᠦᠷᠢᠯᠡᠯ᠎ᠡ᠃ ᠨᠣᠭᠳᠠᠯ ᠠᠰᠢᠭ ᠠᠪᠬᠤ ᠡᠷᠬᠡ ᠲᠡᠢ ᠬᠤᠪᠢᠴᠠᠭ᠎ᠠ ᠡᠵᠡᠮᠰᠢᠭᠴᠢᠳ ᠦᠨ ᠵᠢᠭᠰᠠᠭᠠᠯᠲᠠ ᠶᠢ 2018 ᠣᠨ ᠤ ᠬᠤᠪᠢᠴᠠᠭ᠎ᠠ ᠡᠵᠡᠮᠰᠢᠭᠴᠢᠳ ᠦᠨ ᠡᠭᠡᠯᠵᠢᠲᠦ ᠬᠤᠷᠠᠯ ᠤᠨ ᠪᠦᠷᠢᠳᠬᠡᠯ ᠦᠨ ᠡᠳᠦᠷ ᠢᠶᠡᠷ ᠲᠠᠰᠤᠯᠪᠤᠷᠢ ᠪᠣᠯᠭᠠᠵᠤ ᠭᠠᠷᠭᠠᠨ᠎ᠠ᠃ ᠨᠣᠭᠳᠠᠯ ᠠᠰᠢᠭ ᠢ 2019 ᠣᠨ ᠤ 4 ᠰᠠᠷ᠎ᠠ ᠶᠢᠨ 25 ᠍ ᠤ ᠡᠳᠦᠷ ᠡᠴᠡ ᠡᠬᠢᠯᠡᠨ ᠺᠣᠮᠫᠠᠨᠢ ᠶᠢᠨ ᠪᠠᠶᠢᠷᠢᠨ ᠳᠤ ᠪᠡᠯᠡᠨ ᠮᠥᠩᠭᠥ ᠪᠡᠷ ᠡᠰᠡᠪᠡᠯ ᠬᠤᠪᠢᠴᠠᠭ᠎ᠠ ᠡᠵᠡᠮᠰᠢᠭᠴᠢ ᠶᠢᠨ ᠬᠦᠰᠡᠯᠲᠡ ᠶᠢᠨ ᠳᠠᠭᠠᠤ ᠬᠠᠷᠢᠯᠴᠠᠬᠤ ᠳᠠᠩᠰᠠᠨ ᠳᠤ ᠨᠢ ᠰᠢᠯᠵᠢᠭᠦᠯᠬᠦ ᠵᠡᠷᠭᠡ ᠪᠡᠷ ᠴᠢᠷᠦᠭᠳᠡᠯ ᠪᠠᠭᠠᠲᠠᠢ ᠠᠷᠭ᠎ᠠ ᠬᠡᠯᠪᠡᠷᠢ ᠪᠡᠷ ᠰᠠᠭᠠᠳ ᠦᠭᠡᠢ ᠣᠯᠭᠣᠬᠤ ᠪᠥᠭᠡᠳ 2019 ᠣᠨ ᠤ ᠡᠴᠦᠰ ᠲᠦ ᠨᠣᠭᠳᠠᠯ ᠠᠰᠢᠭ ᠤᠨ ᠦᠯᠡᠳᠡᠭᠳᠡᠯ ᠲᠣᠭᠠᠴᠠᠭ᠎ᠠ ᠶᠢ ᠭᠠᠷᠭᠠᠨ ᠂ ᠬᠤᠪᠢᠴᠠᠭ᠎ᠠ ᠡᠵᠡᠮᠰᠢᠭᠴᠢᠳ ᠦᠨ ᠦᠨᠡᠲᠦ ᠴᠠᠭᠠᠰᠤᠨ ᠤ ᠬᠠᠳᠠᠭᠠᠯᠠᠮᠵᠢ ᠶᠢᠨ ᠳᠠᠩᠰᠠᠨ ᠳᠤ ᠰᠢᠯᠵᠢᠭᠦᠯᠬᠦ ᠪᠡᠷ ᠪᠣᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ