ᠭᠠᠶᠢᠯᠢᠴᠢᠳ ᠳᠠᠬᠢᠨ ᠬᠠᠷ᠎ᠠ ᠲᠠᠮᠠᠬᠢ ᠢᠯᠡᠷᠡᠭᠦᠯᠵᠡᠢ | News.MN

ᠭᠠᠶᠢᠯᠢᠴᠢᠳ ᠳᠠᠬᠢᠨ ᠬᠠᠷ᠎ᠠ ᠲᠠᠮᠠᠬᠢ ᠢᠯᠡᠷᠡᠭᠦᠯᠵᠡᠢ

ᠬᠡᠳᠦᠬᠡᠨ ᠬᠣᠨᠣᠭ ᠤᠨ ᠡᠮᠦᠨ᠎ᠡ ᠶᠡᠬᠡ ᠬᠡᠮᠵᠢᠶᠡᠨ ᠦ ᠬᠠᠷ᠎ᠠ ᠲᠠᠮᠠᠬᠢ ᠠᠪᠴᠤ ᠶᠠᠪᠤᠭᠰᠠᠨ ᠡᠲᠡᠭᠡᠳ ᠦᠳ ᠢ ᠪᠠᠷᠢᠪᠴᠢᠯᠠᠭᠰᠠᠨ᠃ ᠲᠡᠭᠡᠪᠡᠯ ᠥᠨᠥᠳᠥᠷ ᠪᠤᠶᠤ 2019 ᠣᠨ ᠤ 02 ᠳ᠋ᠤᠭᠠᠷ ᠰᠠᠷ᠎ᠠ ᠶᠢᠨ 18 ᠳᠦ ᠭᠠᠶᠢᠯᠢ ᠶᠢᠨ ᠶᠡᠷᠦᠩᠬᠡᠢ ᠭᠠᠵᠠᠷ ᠤᠨ ᠬᠠᠷᠢᠶ᠎ᠠ ᠭᠠᠰᠢᠭᠤᠨᠰᠤᠬᠠᠶᠢᠲᠤ ᠳ᠋ᠡᠬᠢ ᠭᠠᠶᠢᠯᠢ ᠶᠢᠨ ᠭᠠᠵᠠᠷ ᠤᠨ ᠠᠵᠢᠯᠲᠠᠳ ᠮᠣᠩᠭᠣᠯ ᠤᠯᠤᠰ ᠤᠨ ᠢᠷᠭᠡᠨT ᠭᠡᠭᠴᠢ ᠶᠢᠨ ᠪᠡᠶ᠎ᠡ ᠳᠦ ᠪᠡᠨ ᠨᠢᠭᠤᠵᠤ ᠤᠯᠤᠰ ᠤᠨ ᠬᠢᠯᠢ ᠪᠡᠷ ᠨᠡᠪᠲᠡᠷᠡᠭᠦᠯᠬᠦ ᠶᠢ ᠵᠠᠪᠳᠤᠭᠰᠠᠨ ᠮᠠᠩᠰᠢᠭᠤᠷᠠᠭᠤᠯᠬᠤ ᠪᠣᠳᠠᠰ ᠪᠣᠯᠬᠤ ︽ᠮᠥᠰᠥ︾ ᠶᠢ ᠢᠯᠡᠷᠡᠭᠦᠯᠵᠡᠢ᠃ ᠣᠳᠣ ᠪᠠᠷ ᠲᠤᠰ ᠪᠣᠭᠣᠮᠲᠠ ᠶᠢᠨ ᠬᠢᠨ ᠬᠢᠯᠢ ᠶᠢᠨ ᠲᠠᠩᠨᠠᠭᠤᠯ ᠤᠨ ᠠᠯᠪᠠ ᠲᠠᠢ ᠬᠠᠮᠲᠤᠷᠠᠭᠰᠠᠨ ᠠᠵᠢᠯᠯᠠᠭ᠎ᠠ ᠶᠠᠪᠤᠭᠤᠯᠵᠤ ᠪᠠᠶᠢᠭ᠎ᠠ ᠶᠤᠮ ᠪᠠᠶᠢᠨ᠎ᠠ᠃ ᠨᠢᠭᠡ ᠬᠡᠷᠡᠭ ᠦᠨ ᠱᠤᠤᠭᠢᠶᠠᠨ ᠨᠢ ᠨᠠᠮᠳᠠᠭ᠎ᠠ ᠦᠭᠡᠢ ᠪᠠᠶᠢᠬᠤ ᠳᠤ ᠳᠠᠬᠢᠨ ᠬᠠᠷ᠎ᠠ ᠲᠠᠮᠠᠬᠢ ᠢᠯᠡᠷᠡᠭᠦᠯᠦᠭᠰᠡᠨ ᠨᠢ ᠤᠭ  ᠬᠡᠷᠡᠭ ᠲᠡᠢ ᠬᠣᠯᠪᠣᠭᠳᠠᠭᠰᠠᠨ ᠬᠦᠮᠦᠰ ᠲᠦ ᠬᠦᠯᠢᠶᠡᠯᠭᠡᠬᠦ ᠬᠠᠷᠢᠭᠤᠴᠠᠯᠭ᠎ᠠ ᠶᠠᠮᠠᠷ ᠰᠤᠯᠠ ᠪᠠᠶᠢᠭ᠎ᠠ ᠶᠢ ᠬᠠᠷᠠᠭᠤᠯᠵᠤ ᠪᠠᠶᠢᠨ᠎ᠠ᠃

ᠰᠡᠳᠬᠢᠭᠳᠡᠯ ᠦᠯᠡᠳᠡᠭᠡᠬᠦ