ᠡ᠊∙ᠠᠮᠤᠷᠲᠦ᠋ᠪᠰᠢᠨ ᠭᠧᠷᠮᠠᠨ ᠤ ᠲᠢᠶᠠᠲ᠋ᠷ ᠲᠤ ᠭᠣᠴᠣᠯᠠᠨ᠎ᠠ | News.MN

ᠡ᠊∙ᠠᠮᠤᠷᠲᠦ᠋ᠪᠰᠢᠨ ᠭᠧᠷᠮᠠᠨ ᠤ ᠲᠢᠶᠠᠲ᠋ᠷ ᠲᠤ ᠭᠣᠴᠣᠯᠠᠨ᠎ᠠ

ᠮᠣᠩᠭᠣᠯ ᠤᠯᠤᠰ ᠤᠨ ᠭᠠᠪᠢᠶᠠᠲᠤ ᠵᠦᠴᠦᠭᠡᠴᠢᠨ᠂ ᠠᠯᠳᠠᠷᠲᠤ ᠪᠠᠷᠢᠲ᠋ᠣᠨ ᠡ᠊∙ᠠᠮᠤᠷᠲᠦ᠋ᠪᠰᠢᠨ ᠢᠷᠡᠬᠦ ᠲᠠᠪᠤᠳᠤᠭᠠᠷ ᠰᠠᠷ᠎ᠠ ᠳᠤ ᠭᠧᠷᠮᠠᠨ ᠤᠯᠤᠰ ᠤᠨ ᠮᠸᠯᠢᠪᠤᠷᠸᠨ ᠬᠣᠲᠠ ᠶᠢᠨ ᠤᠯᠤᠰ ᠤᠨ ᠲᠢᠶᠠᠲ᠋ᠷ ᠲᠤ ᠠᠯᠳᠠᠷᠲᠤ  ︽ᠷᠢᠭᠤᠯᠸ᠋ᠲᠲ᠋ᠤ᠋︾ ᠳᠠᠭᠤᠤᠷᠢ ᠳᠤ ᠭᠣᠴᠣᠯᠠᠨ᠎ᠠ᠃ ᠲᠡᠷᠡ ᠪᠡᠷ 2019 ᠣᠨ ᠤ ᠠᠩᠬᠠᠨ ᠤ ᠲᠣᠭᠯᠠᠯᠲᠠ ᠪᠠᠨ  ᠢᠲᠯᠠᠢ ᠶᠢᠨ ᠲᠤᠷᠢᠨᠤ᠋ ᠬᠣᠲᠠ ᠶᠢᠨ ︽ᠲᠢᠶᠠᠲ᠋ᠷᠣ ᠷᠡᠵᠢᠣ︾ ᠲᠢᠶᠠᠲ᠋ᠷ ᠤᠨ ᠲᠠᠶᠢᠰᠠᠨ ᠠᠴᠠ ᠡᠬᠢᠯᠡᠭᠰᠡᠨ ᠪᠢᠯᠡ᠃ ᠳᠠᠭᠤᠴᠢᠨ ᠡ᠊∙ᠠᠮᠤᠷᠲᠦ᠋ᠪᠰᠢᠨ ᠲᠤᠰ ᠲᠢᠶᠠᠲ᠋ᠷ ᠲᠤ ᠡᠨᠡ ᠰᠠᠷ᠎ᠠ ᠶᠢᠨ 9᠂ 12᠂ 14᠂ 16 ᠍ ᠤ ᠡᠳᠦᠷ ᠦᠳ ᠲᠦ ᠵ∙ᠸᠸᠷᠳ᠋ ᠦᠨ ᠰᠣᠩᠭᠣᠳᠠᠭ ᠪᠦᠲᠦᠭᠡᠯ ᠪᠣᠯᠬᠤ ︽ᠷᠢᠭᠤᠯᠸ᠋ᠲᠲ᠋ᠤ᠋︾ ᠳᠠᠭᠤᠤᠷᠢ ᠶᠢᠨ ᠭᠣᠣᠯ ᠳᠦᠷᠢ ᠳᠦ ᠳᠥᠷᠪᠡᠨ ᠤᠳᠠᠭ᠎ᠠ ᠳᠠᠭᠤᠯᠠᠵᠤ᠂ ᠲᠣᠭᠯᠠᠯᠲᠠ ᠪᠠᠨ ᠠᠮᠵᠢᠯᠲᠠ ᠲᠠᠢ ᠳᠠᠭᠤᠰᠬᠠᠭᠰᠠᠨ ᠪᠠᠶᠢᠨ᠎ᠠ᠃
ᠥᠩᠭᠡᠷᠡᠭᠴᠢ ᠣᠨ ᠳᠤ ᠲᠡᠷᠡ ᠪᠡᠷ ᠢᠲ᠋ᠠᠯᠢ ᠤᠯᠤᠰ ᠤᠨ ᠨᠠᠫᠣᠯᠢ ᠬᠣᠲᠠ ᠶᠢᠨ ︽ᠰᠠᠨ ᠺᠠᠷᠯᠤ᠋︾ ᠶᠢᠨ ᠨᠡᠷᠡᠮᠵᠢᠲᠦ ᠶᠡᠬᠡ ᠲᠢᠶᠠᠲ᠋ᠷ ᠠᠴᠠ ᠡᠬᠢᠯᠡᠨ ᠹᠷᠠᠨᠼᠢ ᠤᠯᠤᠰ ᠤᠨ ᠨᠡᠶᠢᠰᠯᠡᠯ ᠫᠠᠷᠢᠰ ᠬᠣᠲᠠ ᠶᠢᠨ Champs-Élysées ᠲᠢᠶᠠᠲ᠋ᠷ᠂ ᠢᠰᠫᠠᠨᠢ ᠤᠯᠤᠰ ᠤᠨ ᠸᠠᠯᠧᠨᠰᠢᠶᠠ ᠬᠣᠲᠠ ᠶᠢᠨ ᠳᠠᠭᠤᠤᠷᠢ ᠶᠢᠨ ᠲᠢᠶᠠᠲ᠋ᠷ᠂ ᠢᠰᠷᠸᠯ ᠤᠯᠤᠰ ᠤᠨ ᠨᠡᠶᠢᠰᠯᠡᠯ ᠲᠧᠯ ᠠᠪᠢᠪ ᠬᠣᠲᠠ ᠶᠢᠨ ᠶᠡᠬᠡ ᠲᠢᠶᠠᠲ᠋ᠷ᠂ ᠣᠷᠣᠰ ᠤᠨ ᠨᠡᠶᠢᠰᠯᠡᠯ ᠮᠣᠰᠺᠸᠠ ᠬᠣᠲᠠ ᠶᠢᠨ ᠪᠣᠯᠱᠣᠢ ᠲᠢᠶᠠᠲ᠋ᠷ ᠵᠡᠷᠭᠡ ᠳᠡᠯᠡᠬᠡᠢ ᠶᠢᠨ ᠠᠯᠳᠠᠷᠲᠠᠢ ᠲᠠᠶᠢᠰᠠᠨ᠎ᠠ ᠲᠣᠭᠯᠠᠭᠠᠳ ᠪᠠᠶᠢᠭ᠎ᠠ ᠶᠤᠮ ᠃

ᠰᠡᠳᠬᠢᠭᠳᠡᠯ ᠦᠯᠡᠳᠡᠭᠡᠬᠦ