ᠡᠨᠡ ᠣᠨ ᠤ ᠨᠢᠭᠡᠳᠦᠭᠡᠷ ᠰᠠᠷ᠎ᠠ ᠶᠢᠨ ᠨᠡᠶᠢᠭᠡᠮ ᠡᠳ᠋ ᠦᠨ ᠵᠠᠰᠠᠭ ᠤᠨ ᠦᠵᠡᠭᠦᠯᠦᠯᠲᠡ ᠶᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠲᠠᠨᠢᠯᠴᠠᠭᠤᠯᠤᠯ᠎ᠠ᠃ ᠤᠯᠤᠰ ᠤᠨ ᠨᠢᠭᠡᠳᠦᠭᠰᠡᠨ ᠲᠥᠰᠥᠪ ᠦᠨ ᠲᠡᠩᠴᠡᠪᠦᠷᠢᠵᠢᠭᠦᠯᠦᠭᠰᠡᠨ ᠨᠡᠶᠢᠲᠡ ᠲᠡᠩᠴᠡᠯ 132.3 ᠲᠡᠷᠪᠤᠮ ᠲᠥᠭᠥᠷᠢᠭ ᠦᠨ ᠠᠰᠢᠭ ᠲᠠᠢ ᠭᠠᠷᠴᠠᠢ᠃ ᠲᠡᠭᠡᠪᠡᠯ ᠢᠮᠹᠯᠢᠶᠠᠼ ᠪᠤᠶᠤ ᠦᠨ᠎ᠡ ᠶᠢᠨ ᠥᠰᠦᠯᠲᠡ ᠨᠢᠭᠡᠳᠦᠭᠡᠷ ᠰᠠᠷ᠎ᠠ ᠳᠤ ᠤᠯᠤᠰ ᠤᠨ ᠬᠡᠮᠵᠢᠶᠡᠨ ᠳᠦ ᠡᠮᠦᠨᠡᠬᠢ ᠰᠠᠷ᠎ᠠ ᠠᠴᠠ 0.6 ᠬᠤᠪᠢ ᠪᠠᠷ ᠥᠰᠴᠠᠢ᠃ ᠬᠠᠷᠢᠨ ᠠᠵᠤ ᠦᠢᠯᠡᠳᠪᠦᠷᠢ ᠶᠢᠨ ᠰᠠᠯᠪᠤᠷᠢ ᠶᠢᠨ ᠨᠡᠶᠢᠲᠡ ᠦᠢᠯᠡᠳᠪᠦᠷᠢᠯᠡᠯ ᠨᠢᠭᠡᠳᠦᠭᠡᠷ ᠰᠠᠷ᠎ᠠ ᠳᠤ ᠤᠷᠢᠳᠴᠢᠯᠠᠭᠰᠠᠨ ᠭᠦᠢᠴᠡᠳᠬᠡᠯ ᠢᠶᠡᠷ 1.3 ᠶᠡᠬᠡ ᠨᠠᠶᠤᠳ ᠲᠥᠭᠥᠷᠢᠭ ᠲᠦ ᠬᠦᠷᠴᠦ᠂ ᠡᠮᠦᠨᠡᠬᠢ ᠣᠨ ᠤ ᠮᠥᠨ ᠦᠶ᠎ᠡ ᠡᠴᠡ 215.2 ᠲᠡᠷᠪᠤᠮ ᠲᠥᠭᠥᠷᠢᠭ ᠢᠶᠡᠷ ᠥᠰᠦᠭᠰᠡᠨ ᠦᠵᠡᠭᠦᠯᠦᠯᠲᠡ ᠲᠡᠢ ᠪᠠᠶᠢᠨ᠎ᠠ ᠭᠡᠵᠦ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠ᠍ ᠠᠴᠠ ᠮᠡᠳᠡᠭᠳᠡᠯ᠎ᠡ᠃
59 ᠮᠢᠩᠭᠠᠨ ᠬᠥᠭᠵᠢᠯ ᠦᠨ ᠪᠡᠷᠬᠡᠰᠢᠶᠡᠯᠲᠡᠢ ᠢᠷᠭᠡᠨ ᠪᠠᠶᠢᠨ᠎ᠠ
ᠬᠥᠳᠡᠯᠮᠦᠷᠢ ᠡᠷᠬᠢᠯᠡᠯᠲᠡ ᠶᠢᠨ ᠪᠠᠶᠢᠭᠤᠯᠤᠯᠭ᠎ᠠ ᠳᠤ ᠠᠵᠢᠯ ᠬᠠᠶᠢᠵᠤ ᠪᠦᠷᠢᠳᠬᠡᠭᠦᠯᠦᠭᠰᠡᠨ ᠢᠷᠭᠡᠳ 2019 ᠣᠨ ᠤ ᠨᠢᠭᠡᠳᠦᠭᠡᠷ ᠰᠠᠷ᠎ᠠ ᠶᠢᠨ ᠡᠴᠦᠰ ᠲᠦ 34.7 ᠮᠢᠩᠭ᠎ᠠ᠂ ᠡᠭᠦᠨ ᠡᠴᠡ 24.4 ᠮᠢᠩᠭ᠎ᠠ ᠨᠢ ᠪᠦᠷᠢᠳᠬᠡᠯ ᠲᠡᠢ ᠠᠵᠢᠯ ᠦᠭᠡᠢ ᠢᠷᠭᠡᠳ᠂ 10.3 ᠮᠢᠩᠭ᠎ᠠ ᠨᠢ ᠠᠵᠢᠯ ᠲᠠᠢ ᠪᠣᠯᠪᠠᠴᠤ ᠥᠭᠡᠷ᠎ᠡ ᠠᠵᠢᠯ ᠬᠠᠶᠢᠵᠤ ᠪᠠᠶᠢᠭ᠎ᠠ ᠢᠷᠭᠡᠳ ᠪᠠᠶᠢᠨ᠎ᠠ᠃ ᠠᠵᠢᠯᠯᠠᠬᠤ ᠬᠦᠴᠦᠨ ᠦ ᠰᠤᠳᠤᠯᠭᠠᠨ ᠤ 2018 ᠣᠨ ᠤ 4 ᠳ᠋ᠦᠭ ᠢᠶᠡᠷ ᠤᠯᠠᠷᠢᠯ ᠤᠨ ᠳ᠋ᠦᠩ ᠢᠶᠡᠷ ᠤᠯᠤᠰ ᠤᠨ ᠬᠡᠮᠵᠢᠶᠡᠨ ᠳᠦ ᠠᠵᠢᠯᠯᠠᠬᠤ ᠬᠦᠴᠦ ᠪᠤᠶᠤ 15᠂ ᠲᠡᠭᠦᠨ ᠡᠴᠡ ᠳᠡᠭᠡᠭᠰᠢ ᠨᠠᠰᠤᠨ ᠤ ᠡᠳ᠋ ᠦᠨ ᠵᠠᠰᠠᠭ ᠤᠨ ᠢᠳᠡᠪᠬᠢᠲᠡᠢ ᠬᠦᠮᠦᠨ ᠠᠮᠠ 1.3 ᠰᠠᠶ᠎ᠠ ᠪᠣᠯᠵᠤ᠂ 732.7 ᠮᠢᠩᠭ᠎ᠠ ᠨᠢ ᠡᠷᠡᠭᠲᠡᠢ᠂ 612.6 ᠮᠢᠩᠭ᠎ᠠ ᠨᠢ ᠡᠮᠡᠭᠲᠡᠶᠢᠴᠦᠳ ᠪᠠᠶᠢᠨ᠎ᠠ᠃ ᠡᠳ᠋ ᠍ ᠦᠨ ᠵᠠᠰᠠᠭ ᠤᠨ ᠢᠳᠡᠪᠬᠢ ᠦᠭᠡᠢ ᠨᠡᠶᠢᠲᠡ ᠬᠦᠮᠦᠨ ᠠᠮᠠ ᠶᠢᠨ 267.1 ᠮᠢᠩᠭ᠎ᠠ ᠨᠢ ᠲᠡᠳᠬᠦᠪᠦᠷᠢ ᠶᠢᠨ ᠬᠢᠨ ᠪᠣᠯᠤᠨ ᠥᠨᠳᠥᠷ ᠨᠠᠰᠤᠲᠠᠨ᠂ 244.9 ᠮᠢᠩᠭ᠎ᠠ ᠨᠢ ᠰᠤᠷᠤᠭᠴᠢ ᠂ 118.1 ᠮᠢᠩᠭ᠎ᠠ ᠨᠢ ᠬᠡᠦᠬᠡᠳ ᠠᠰᠠᠷᠠᠭᠰᠠᠨ᠂ 73.0 ᠮᠢᠩᠭ᠎ᠠ ᠨᠢ ᠭᠡᠷ ᠦᠨ ᠠᠵᠢᠯ ᠲᠠᠢ᠂ 59.6 ᠮᠢᠩᠭ᠎ᠠ ᠨᠢ ᠬᠥᠭᠵᠢᠯ ᠦᠨ ᠪᠡᠷᠬᠡᠰᠢᠶᠡᠯ ᠲᠡᠢ᠂ 19.4 ᠮᠢᠩᠭ᠎ᠠ ᠨᠢ ᠡᠪᠡᠳᠴᠢᠲᠡᠢ ᠪᠠᠶᠢᠭᠰᠠᠨ ᠪᠣᠯ 45.7 ᠮᠢᠩᠭ᠎ᠠ ᠨᠢ ᠪᠤᠰᠤᠳ ᠰᠢᠯᠲᠠᠭᠠᠨ ᠲᠠᠢ ᠪᠠᠶᠢᠨ᠎ᠠ᠃