︽ᠡᠷᠴᠢᠮ︾ ᠪᠠᠭ ᠬᠤᠶᠢᠳᠤ ᠰᠣᠯᠣᠩᠭᠣᠰ ᠤᠨ ᠪᠠᠭ ᠲᠠᠢ ᠲᠣᠭᠯᠠᠨ᠎ᠠ | News.MN

︽ᠡᠷᠴᠢᠮ︾ ᠪᠠᠭ ᠬᠤᠶᠢᠳᠤ ᠰᠣᠯᠣᠩᠭᠣᠰ ᠤᠨ ᠪᠠᠭ ᠲᠠᠢ ᠲᠣᠭᠯᠠᠨ᠎ᠠ

ᠮᠣᠩᠭᠣᠯ ᠤᠨ ᠬᠥᠯ ᠪᠥᠮᠪᠥᠭᠡ ᠶᠢᠨ ᠬᠣᠯᠪᠣᠭᠠᠨ ᠠᠴᠠ ᠵᠣᠬᠢᠶᠠᠨ ᠪᠠᠶᠢᠭᠤᠯᠳᠠᠭ ᠦᠨᠳᠦᠰᠦᠨ ᠦ ᠳᠡᠭᠡᠳᠦ ᠯᠢᠭ ᠤᠨ 12 ᠤᠳᠠᠭ᠎ᠠ ᠶᠢᠨ ᠠᠪᠤᠷᠭᠤ ︽ᠡᠷᠴᠢᠮ︾ ᠪᠠᠭ ᠨᠢᠭᠡᠨ ᠴᠢᠬᠤᠯᠠ ᠲᠣᠭᠯᠠᠯᠲᠠ ᠶᠢ ᠡᠬᠡ ᠣᠷᠣᠨ ᠳᠤ ᠪᠠᠨ ᠬᠢᠬᠦ ᠭᠡᠵᠦ ᠪᠠᠶᠢᠨ᠎ᠠ᠃ AFC Cup ᠪᠤᠶᠤ ︽ᠠᠽᠢᠶ᠎ᠠ ᠶᠢᠨ ᠴᠣᠮᠣ︾ ᠶᠢᠨ ᠲᠡᠮᠡᠴᠡᠭᠡᠨ ᠦ Play off ᠍ ᠤᠨ ᠲᠤᠭᠯᠠᠯᠳᠠ ᠳᠤ ᠮᠣᠩᠭᠣᠯ ᠤᠨ ︽ᠡᠷᠴᠢᠮ︾  ᠪᠣᠯᠤᠨ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ ᠤᠨ ︽ᠷᠢᠮᠢᠶᠤᠨ︾ ᠺᠯᠦ᠋ᠪ ᠲᠣᠭᠯᠠᠬᠤ ᠪᠠᠷ ᠪᠣᠯᠵᠠᠢ᠃ ᠡᠬᠢᠨ ᠦ ᠲᠣᠭᠯᠠᠯᠲᠠ ᠬᠣᠶᠠᠳᠤᠭᠠᠷ ᠰᠠᠷ᠎ᠠ ᠶᠢᠨ 20 ᠳᠦ ᠪᠤᠶᠤ ᠳᠣᠯᠣᠭ᠎ᠠ ᠬᠣᠨᠣᠭ ᠤᠨ ᠳᠠᠷᠠᠭ᠎ᠠ ᠤᠯᠠᠭᠠᠨᠪᠠᠭᠠᠲᠤᠷ ᠲᠤ ᠪᠣᠯᠤᠨ᠎ᠠ᠃ ᠬᠠᠷᠢᠨ ᠬᠠᠷᠢᠭᠤ ᠲᠣᠭᠯᠠᠯᠲᠠ ᠬᠣᠶᠠᠳᠤᠭᠠᠷ ᠰᠠᠷ᠎ᠠ ᠶᠢᠨ 27 ᠤ ᠡᠳᠦᠷ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ ᠲᠦ ᠪᠣᠯᠬᠤ ᠶᠤᠮ᠃
︽ᠡᠷᠴᠢᠮ︾ ᠰᠡᠭᠦᠯ ᠦᠨ ᠭᠤᠷᠪᠠᠨ ᠵᠢᠯ ᠳᠠᠷᠠᠭᠠᠯᠠᠨ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ ᠤᠨ ᠴᠢᠨᠰᠠᠭ᠎ᠠ ᠥᠨᠳᠥᠷ ᠪᠠᠭ ᠤᠳ ᠲᠠᠢ ᠰᠣᠩᠭᠣᠯᠲᠠ ᠦᠭᠡᠢ ᠪᠡᠷ ᠣᠨᠣᠭᠠᠯᠲᠠ ᠪᠠᠷ ᠲᠠᠭᠠᠷᠠᠵᠤ ᠪᠠᠶᠢᠭ᠎ᠠ ᠶᠤᠮ᠃ ᠡᠨᠡ ᠵᠢᠯ ᠦᠨ ᠥᠷᠢᠰᠦᠯᠳᠦᠭᠴᠢ ᠨᠢ ︽ᠷᠢᠮᠢᠶᠤᠨ︾ ᠺᠯᠦ᠋ᠪ ᠪᠥᠭᠡᠳ 2018 ᠣᠨ ᠳᠤ ᠤᠯᠤᠰ ᠤᠨ ᠢᠶᠠᠨ ᠳᠡᠭᠡᠳᠦ ᠯᠢᠭ ᠦᠨ ᠬᠣᠶᠠᠳᠤᠭᠠᠷ ᠪᠠᠶᠢᠷᠢ ᠳᠤ ᠣᠷᠣᠭᠰᠠᠨ ᠢᠶᠠᠷ ︽ᠠᠽᠢᠶ᠎ᠠ ᠶᠢᠨ ᠴᠣᠮᠣ︾ ᠶᠢᠨ ᠤᠷᠢᠳᠴᠢᠯᠠᠭᠰᠠᠨ ᠱᠠᠲᠤᠨ ᠳᠤ ᠥᠷᠢᠰᠥᠯᠳᠥᠬᠦ ᠡᠷᠬᠡ ᠶᠢ ᠠᠪᠴᠠᠢ᠃

ᠰᠡᠳᠬᠢᠭᠳᠡᠯ ᠦᠯᠡᠳᠡᠭᠡᠬᠦ