ᠳᠡᠯᠡᠬᠡᠢ ᠶᠢᠨ ᠵᠠᠬ᠎ᠠ ᠵᠡᠭᠡᠯᠢ ᠳᠡᠭᠡᠷᠡᠬᠢ ᠮᠧᠲ᠋ᠠᠯ ᠤᠨ ᠦᠨ᠎ᠡ 2018 ᠣᠨ ᠤ ᠰᠡᠭᠦᠯ ᠦᠨ ᠬᠠᠭᠠᠰ ᠲᠤ ᠪᠠᠭᠤᠷᠠᠵᠤ ᠡᠬᠢᠯᠡᠭᠰᠡᠨ ᠴᠤ᠂ ᠡᠮᠦᠨᠡᠬᠢ ᠣᠨ ᠨᠤᠭᠤᠳ ᠠᠴᠠ ᠥᠨᠳᠥᠷ ᠬᠡᠪ ᠢᠶᠡᠷ ᠪᠠᠶᠢᠨ᠎ᠠ᠃ ᠴᠢᠯᠠᠭᠤᠨ ᠨᠡᠭᠦᠷᠡᠰᠦᠨ ᠦ ᠬᠢᠯᠢ ᠶᠢᠨ ᠦᠨ᠎ᠡ ᠠᠷᠪᠠᠳᠤᠭᠠᠷ ᠰᠠᠷ᠎ᠠ ᠳᠤ ᠡᠮᠦᠨᠡᠬᠢ ᠣᠨ ᠤ ᠮᠥᠨ ᠦᠶ᠎ᠡ ᠡᠴᠡ 13 ᠬᠤᠪᠢ ᠪᠠᠷ᠂ ᠵᠡᠰ ᠦᠨ ᠪᠠᠶᠠᠵᠢᠮᠠᠯ ᠤᠨ ᠡᠺᠰᠫᠣᠷᠲ ᠤᠨ ᠬᠢᠯᠢ ᠶᠢᠨ ᠦᠨ᠎ᠡ 12 ᠬᠤᠪᠢ ᠪᠠᠷ᠂ ᠲᠦᠭᠦᠬᠡᠢ ᠨᠧᠹᠲ ᠦᠨ ᠬᠢᠯᠢ ᠶᠢᠨ ᠦᠨ᠎ᠡ 33 ᠬᠤᠪᠢ ᠪᠠᠷ᠂ ᠨᠤᠯᠤᠤᠷ ᠤᠨ ᠦᠨ᠎ᠡ 51 ᠬᠤᠪᠢ ᠪᠠᠷ ᠲᠤᠰ ᠲᠤᠰ ᠥᠰᠦᠭᠰᠡᠨ ᠢᠶᠡᠷ ᠨᠡᠶᠢᠲᠡ ᠡᠺᠰᠫᠣᠷᠲ ᠤᠨ ᠦᠨ᠎ᠡ ᠶᠢᠨ ᠢᠨᠳᠧᠺᠰ 20 ᠬᠤᠪᠢ ᠪᠠᠷ ᠥᠰᠦᠭᠰᠡᠨ ᠪᠠᠶᠢᠨ᠎ᠠ᠃ ᠳᠡᠯᠡᠬᠡᠢ ᠶᠢᠨ ᠵᠠᠬ᠎ᠠ ᠳᠡᠭᠡᠷᠡᠬᠢ ᠵᠡᠰ ᠦᠨ ᠦᠨ᠎ᠡ ᠪᠠᠭᠤᠷᠠᠭᠰᠠᠨ ᠪᠠᠶᠢᠬᠤ ᠳᠤ ᠮᠠᠨ ᠤ ᠬᠢᠯᠢ ᠶᠢᠨ ᠦᠨ᠎ᠡ ᠥᠰᠦᠯᠲᠡ ᠲᠡᠢ ᠭᠠᠷᠤᠭᠰᠠᠨ ᠨᠢ ︽ᠤᠭ᠍ᠶᠤᠲᠤᠯᠤᠭᠠᠢ︾᠍ ᠶᠢᠨ ᠵᠡᠰ ᠦᠨ ᠪᠠᠶᠠᠵᠢᠮᠠᠯ ᠳ᠋ᠡᠬᠢ ᠠᠯᠲᠠᠨ ᠤ ᠠᠭᠤᠯᠤᠮᠵᠢ ᠨᠡᠮᠡᠭᠳᠡᠵᠦ ᠪᠠᠶᠢᠭ᠎ᠠ ᠲᠠᠢ ᠬᠣᠯᠪᠣᠭ᠎ᠠ ᠲᠠᠢ᠃ ᠬᠠᠷᠢᠨ ᠬᠡᠷᠡᠭᠯᠡᠭᠡ᠂ ᠬᠥᠷᠥᠩᠭᠡ ᠣᠷᠣᠭᠤᠯᠤᠯᠲᠠ ᠪᠣᠯᠤᠨ ᠨᠧᠹᠲ ᠦᠨ ᠪᠦᠲᠦᠭᠡᠭᠳᠡᠬᠦᠨ ᠦ ᠦᠨ᠎ᠡ ᠶᠢᠨ ᠭᠣᠣᠯᠯᠠᠬᠤ ᠨᠥᠯᠥᠭᠡ ᠪᠡᠷ ᠨᠡᠶᠢᠲᠡ ᠢᠮᠫᠣᠷᠲ ᠤᠨ ᠦᠨ᠎ᠡ ᠡᠮᠦᠨᠡᠬᠢ ᠣᠨ ᠤ ᠮᠥᠨ ᠦᠶ᠎ᠡ ᠡᠴᠡ 3.8 ᠬᠤᠪᠢ ᠪᠠᠷ ᠥᠰᠦᠭᠡᠳ ᠪᠠᠶᠢᠨ᠎ᠠ᠃