ᠬᠤᠭᠤᠴᠠᠭ᠎ᠠ ᠬᠡᠲᠦᠷᠡᠭᠰᠡᠨ ᠪᠣᠯᠤᠨ ᠴᠢᠨᠠᠷ ᠦᠭᠡᠢ ᠵᠢᠭᠡᠯᠡ ᠶᠢᠨ ᠬᠡᠮᠵᠢᠶ᠎ᠡ ᠪᠠᠭᠤᠷᠠᠵᠠᠢ | News.MN

ᠬᠤᠭᠤᠴᠠᠭ᠎ᠠ ᠬᠡᠲᠦᠷᠡᠭᠰᠡᠨ ᠪᠣᠯᠤᠨ ᠴᠢᠨᠠᠷ ᠦᠭᠡᠢ ᠵᠢᠭᠡᠯᠡ ᠶᠢᠨ ᠬᠡᠮᠵᠢᠶ᠎ᠡ ᠪᠠᠭᠤᠷᠠᠵᠠᠢ

ᠮᠣᠩᠭᠣᠯ  ᠪᠠᠩᠭᠢ ᠠᠴᠠ ᠮᠡᠳᠡᠭᠡᠯᠡᠭᠰᠡᠨ ᠢᠶᠡᠷ ᠪᠠᠩᠬᠢ ᠰᠠᠩᠬᠦᠦ ᠶᠢᠨ ᠪᠠᠶᠢᠭᠤᠯᠤᠯᠭ᠎ᠠ ᠨᠤᠭᠤᠳ ᠠᠴᠠ ᠣᠯᠭᠤᠭᠰᠠᠨ ᠨᠡᠶᠢᠲᠡ ᠵᠢᠭᠡᠯᠡ ᠶᠢᠨ ᠬᠡᠮᠵᠢᠶ᠎ᠡ 17.1 ᠶᠡᠬᠡ ᠨᠠᠶᠤᠳ ᠲᠥᠭᠥᠷᠢᠭ ᠪᠣᠯᠤᠭᠠᠳ ᠪᠠᠶᠢᠨ᠎ᠠ᠃ ᠡᠭᠦᠨ ᠡᠴᠡ ᠲᠥᠭᠥᠷᠢᠭ ᠦᠨ ᠵᠢᠭᠡᠯᠡ 14.4 ᠶᠡᠬᠡ ᠨᠠᠶᠤᠳ᠂ ᠳ᠋ᠣᠯᠯᠠᠷ ᠤᠨ ᠵᠢᠭᠡᠯᠡ 2.7 ᠶᠡᠬᠡ ᠨᠠᠶᠤᠳ ᠲᠥᠭᠥᠷᠢᠭ ᠪᠠᠶᠢᠨ᠎ᠠ᠃ ᠥᠩᠭᠡᠷᠡᠭᠰᠡᠨ ᠨᠢᠭᠡᠳᠦᠭᠡᠷ ᠰᠠᠷ᠎ᠠ ᠶᠢᠨ ᠪᠠᠶᠢᠳᠠᠯ ᠢᠶᠠᠷ ᠵᠢᠭᠡᠯᠡ ᠶᠢᠨ ᠦᠯᠡᠳᠡᠭᠳᠡᠯ ᠡᠮᠦᠨᠡᠬᠢ 12  ᠳ᠋ᠤᠭᠠᠷ ᠰᠠᠷ᠎ᠠ ᠶᠢᠨ ᠬᠢ ᠠᠴᠠ 506 ᠲᠡᠷᠪᠤᠮ ᠲᠥᠭᠥᠷᠢᠭ ᠢᠶᠡᠷ ᠨᠡᠮᠡᠭᠳᠡᠵᠡᠢ᠃ ᠡᠨᠡ ᠨᠢ ᠭᠤᠷᠪᠠᠨ ᠬᠤᠪᠢ ᠪᠠᠷ ᠥᠰᠦᠭᠰᠡᠨ ᠦᠵᠡᠭᠦᠯᠦᠯᠲᠡ ᠶᠤᠮ᠃ ᠵᠢᠭᠡᠯᠡ ᠶᠢ ᠲᠥᠷᠥᠯ ᠢᠶᠡᠷ ᠨᠢ ᠠᠪᠴᠤ ᠦᠵᠡᠪᠡᠯ ᠬᠡᠪ ᠦᠨ ᠵᠢᠭᠡᠯᠡ ᠡᠮᠦᠨᠡᠬᠢ ᠰᠠᠷ᠎ᠠ ᠠᠴᠠ 915 ᠲᠡᠷᠪᠤᠮ ᠲᠥᠭᠥᠷᠢᠭ ᠪᠤᠶᠤ ᠳᠣᠯᠣᠭᠠᠨ ᠬᠤᠪᠢ ᠪᠠᠷ ᠥᠰᠦᠭᠰᠡᠨ ᠪᠠᠶᠢᠨ᠎ᠠ᠃ ᠬᠠᠷᠢᠨ ᠬᠤᠭᠤᠴᠠᠭ᠎ᠠ ᠬᠡᠲᠦᠷᠡᠭᠰᠡᠨ ᠵᠢᠭᠡᠯᠡ ᠮᠥᠨ ᠡᠮᠦᠨᠡᠬᠢ ᠰᠠᠷ᠎ᠠ ᠠᠴᠠ 125 ᠲᠡᠷᠪᠤᠮ ᠲᠥᠭᠥᠷᠢᠭ ᠪᠤᠶᠤ 13 ᠬᠤᠪᠢ ᠪᠠᠷ᠂ ᠴᠢᠨᠠᠷ ᠦᠭᠡᠢ ᠵᠢᠭᠡᠯᠡ ᠮᠥᠨ ᠡᠮᠦᠨᠡᠬᠢ ᠰᠠᠷ᠎ᠠ ᠶᠢᠨ ᠬᠢ ᠠᠴᠠ 283 ᠲᠡᠷᠪᠤᠮ ᠲᠥᠭᠥᠷᠢᠭ ᠪᠤᠶᠤ 14 ᠬᠤᠪᠢ ᠪᠠᠷ ᠲᠤᠰ ᠲᠤᠰ ᠪᠠᠭᠤᠷᠠᠵᠠᠢ᠃
ᠰᠡᠭᠦᠯ ᠦᠨ ᠵᠢᠯ ᠳᠦ ᠮᠠᠨ ᠤ ᠳᠤ ᠬᠡᠷᠡᠭᠯᠡᠭᠡᠨ ᠦ ᠵᠢᠭᠡᠯᠡ ᠥᠰᠦᠭᠰᠡᠭᠡᠷ ᠪᠠᠶᠢᠨ᠎ᠠ᠃ ᠢᠮᠫᠣᠷᠲ ᠤᠨ 20 ᠭᠠᠷᠤᠢ ᠬᠤᠪᠢ ᠶᠢ ᠬᠡᠷᠡᠭᠯᠡᠭᠡᠨ ᠦ ᠪᠦᠲᠦᠭᠡᠭᠳᠡᠬᠦᠨ ᠡᠵᠡᠯᠡᠵᠦ ᠪᠠᠶᠢᠨ᠎ᠠ᠃ ᠡᠨᠡ ᠨᠢ ᠨᠢᠭᠡ ᠲᠠᠯ᠎ᠠ ᠪᠠᠷ ᠢᠮᠫᠣᠷᠲ ᠢ ᠥᠳᠥᠭᠡᠵᠦ ᠪᠤᠢ ᠶᠢ ᠮᠣᠩᠭᠣᠯ ᠪᠠᠩᠬᠢ ᠶᠢᠨ ᠮᠥᠩᠭᠥᠨ ᠦ ᠪᠣᠳᠣᠯᠭ᠎ᠠ ᠶᠢᠨ ᠭᠠᠵᠠᠷ ᠤᠨ ᠵᠠᠬᠢᠷᠤᠯ ᠪ∙ᠪᠠᠶᠠᠷᠳᠠᠸᠠ ᠮᠡᠳᠡᠭᠳᠡᠵᠦ ᠪᠠᠶᠢᠨ᠎ᠠ᠃ ᠢᠮᠫᠣᠷᠲ ᠤᠨ ᠵᠢᠭᠡᠯᠡ ᠣᠳᠣ ᠳᠥᠷᠪᠡᠨ ᠲᠡᠷᠪᠤᠮ ᠳ᠋ᠣᠯᠯᠠᠷ ᠲᠤ ᠬᠦᠷᠴᠦ ᠥᠰᠴᠠᠢ᠃ ᠲᠡᠶᠢᠮᠦ ᠡᠴᠡ ᠵᠠᠮᠪᠠᠷᠠᠭ᠎ᠠ ᠦᠭᠡᠢ ᠬᠡᠷᠡᠭᠯᠡᠭᠡ ᠶᠢ ᠬᠤᠮᠢᠬᠤ ᠱᠠᠭᠠᠷᠳᠠᠯᠭ᠎ᠠ ᠭᠠᠷᠴᠤ ᠂ ᠬᠡᠷᠡᠭᠯᠡᠭᠡᠨ ᠦ ᠵᠢᠭᠡᠯᠡ ᠶᠢ ᠬᠤᠮᠢᠬᠤ ᠪᠣᠳᠣᠯᠭ᠎ᠠ ᠶᠢ ᠮᠣᠩᠭᠣᠯ ᠪᠠᠩᠭᠢ ᠪᠠᠷᠢᠵᠤ ᠪᠤᠢ ᠃ 2019 ᠣᠨ ᠤ ᠰᠢᠨ᠎ᠡ  ᠵᠢᠭᠡᠯᠡ ᠳᠦ ᠬᠡᠷᠡᠭᠯᠡᠭᠡ᠂ ᠦᠢᠯᠡᠳᠪᠤᠷᠢᠯᠡᠯ ᠤᠨ ᠵᠢᠭᠡᠯᠡ ᠲᠡᠩᠴᠡᠭᠦᠦ ᠭᠠᠷᠤᠭᠰᠠᠨ ᠪᠠᠶᠢᠨ᠎ᠠ᠃ ᠲᠡᠭᠡᠪᠡᠯ ᠥᠩᠭᠡᠷᠡᠭᠰᠡᠨ ᠣᠨ ᠤ ᠡᠬᠢᠨ ᠦ ᠬᠠᠭᠠᠰ ᠵᠢᠯ ᠳᠦ ᠨᠡᠶᠢᠲᠡ ᠵᠢᠭᠡᠯᠡ ᠶᠢᠨ 80 ᠬᠤᠪᠢ ᠶᠢ ᠬᠡᠷᠡᠭᠯᠡᠭᠡᠨ ᠦ ᠵᠢᠭᠡᠯᠡ ᠡᠵᠡᠯᠡᠵᠦ᠂ ᠦᠢᠯᠡᠳᠪᠦᠷᠢᠯᠡᠯ ᠦᠨ ᠵᠢᠭᠡᠯᠡ 20 ᠬᠤᠪᠢ ᠲᠠᠢ ᠪᠠᠶᠢᠵᠠᠢ᠃ ᠵᠢᠭᠡᠯᠡ ᠶᠢᠨ ᠦᠯᠡᠳᠡᠭᠳᠡᠯ ᠢ ᠪᠦᠲᠦᠴᠡ ᠪᠡᠷ ᠠᠪᠴᠤ ᠦᠵᠡᠪᠡᠯ᠄  ᠴᠠᠯᠢᠩ ᠲᠡᠳᠬᠦᠪᠦᠷᠢ 26 ᠬᠤᠪᠢ᠂ ᠬᠤᠳᠠᠯᠳᠤᠭ᠎ᠠ 14 ᠬᠤᠪᠢ᠂ ᠦᠯᠦ ᠬᠥᠳᠡᠯᠬᠦ 11 ᠬᠤᠪᠢ᠂  ᠪᠠᠷᠢᠯᠭ᠎ᠠ 9 ᠬᠤᠪᠢ᠂ ᠠᠭᠤᠯᠠ ᠠᠭᠤᠷᠬᠠᠢ 7 ᠬᠤᠪᠢ᠂ ᠠᠦ᠋ᠲ᠋ᠤ᠋ ᠮᠠᠰᠢᠨ 3 ᠬᠤᠪᠢ ᠶᠢ ᠲᠤᠰ ᠲᠤᠰ ᠡᠵᠡᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ