ᠴᠠᠭᠠᠨ ᠳ᠋ᠠᠷ᠎ᠠ ᠡᠬᠡ ᠶᠢᠨ ᠰᠡᠳᠦᠪᠴᠢᠯᠡᠭᠰᠡᠨ ᠦᠵᠡᠰᠬᠦᠯᠡᠩ ᠭᠠᠷᠭᠠᠯ᠎ᠠ | News.MN

ᠴᠠᠭᠠᠨ ᠳ᠋ᠠᠷ᠎ᠠ ᠡᠬᠡ ᠶᠢᠨ ᠰᠡᠳᠦᠪᠴᠢᠯᠡᠭᠰᠡᠨ ᠦᠵᠡᠰᠬᠦᠯᠡᠩ ᠭᠠᠷᠭᠠᠯ᠎ᠠ

ᠪᠣᠭᠳᠠ ᠬᠠᠭᠠᠨ ᠤ ᠣᠷᠳᠣᠨ ᠮᠦᠽᠧᠢ ᠶᠢᠨ ᠬᠠᠮᠲᠤ ᠣᠯᠠᠨ ᠰᠢᠨ᠎ᠡ ᠶᠢᠨ  ᠨᠠᠢᠮᠠᠨ ᠤ ᠡᠳᠦᠷ ︽ᠨᠢᠭᠡ ᠡᠳᠦᠷ ᠦᠨ ᠴᠠᠭᠠᠨ ᠳ᠋ᠠᠷ᠎ᠠ ᠡᠬᠡ︾ ᠪᠦᠲᠦᠭᠡᠬᠦ ᠠᠷᠭ᠎ᠠ ᠬᠡᠮᠵᠢᠶ᠎ᠡ ᠪᠣᠯᠤᠨ ᠴᠠᠭᠠᠨ ᠳ᠋ᠠᠷ᠎ᠠ ᠡᠬᠡ ᠶᠢᠨ ᠰᠡᠳᠦᠪᠴᠢᠯᠡᠭᠰᠡᠨ ᠦᠵᠡᠰᠬᠦᠯᠡᠩ ᠢ ᠵᠣᠬᠢᠶᠠᠨ ᠪᠠᠶᠢᠭᠤᠯᠤᠯ᠎ᠠ᠃ 1924 ᠣᠨ ᠢ ᠬᠦᠷᠲᠡᠯ᠎ᠡ ᠶᠡᠬᠡ ᠬᠦᠷᠢᠶᠡᠨ ᠳᠦ ᠵᠢᠯ ᠪᠦᠷᠢ ᠶᠢᠨ ᠪᠢᠯᠢᠭ ᠦᠨ ᠤᠯᠠᠷᠢᠯ ᠤᠨ ᠰᠢᠨ᠎ᠡ ᠶᠢᠨ  ᠨᠠᠢᠮᠠᠨ ᠳᠤ ᠥᠨᠳᠥᠷ ᠭᠡᠭᠡᠨ ᠦ ᠲᠢᠭ ᠢᠶᠡᠷ ᠦᠵᠦᠭᠦᠷ ᠲᠣᠬᠣᠢ ᠬᠡᠮᠵᠢᠶ᠎ᠡ ᠲᠡᠢ ᠴᠠᠭᠠᠨ ᠳ᠋ᠠᠷ᠎ᠠ ᠡᠬᠡ ᠪᠤᠷᠬᠠᠨ ᠢ ᠨᠢᠭᠡᠨ ᠡᠳᠦᠷ ᠲᠦ ᠪᠦᠲᠦᠭᠡᠳᠡᠭ ᠤᠯᠠᠮᠵᠢᠯᠠᠯ ᠲᠠᠢ ᠪᠠᠶᠢᠵᠠᠢ᠃ ᠲᠡᠷᠡ ᠡᠳᠦᠷ ᠲᠦ ᠪᠡᠨ ᠪᠠᠭᠲᠠᠭᠠᠨ ᠴᠠᠭᠠᠨ ᠳ᠋ᠠᠷ᠎ᠠ ᠡᠬᠡ ᠪᠤᠷᠬᠠᠨ ᠢ ᠪᠦᠲᠦᠭᠡᠭᠰᠡᠨ ᠢᠶᠡᠷ ᠲᠤᠬᠠᠢ ᠶᠢᠨ ᠪᠦᠲᠦᠭᠡᠯᠴᠢ ᠪᠤᠷᠬᠠᠨᠴᠢ ᠪᠣᠯᠬᠤ ᠡᠷᠬᠡ ᠪᠡᠨ ᠠᠪᠳᠠᠭ ᠪᠠᠶᠢᠭᠰᠠᠨ ᠭᠡᠳᠡᠭ᠃ ᠲᠡᠶᠢᠮᠦ ᠴᠤ ᠤᠴᠢᠷ ᠠᠴᠠ ᠦᠵᠦᠭᠦᠷ ᠲᠣᠬᠣᠢ ᠬᠡᠮᠵᠢᠶ᠎ᠡ ᠲᠡᠢ ᠴᠠᠭᠠᠨ ᠳ᠋ᠠᠷ᠎ᠠ ᠡᠬᠡ ᠪᠤᠷᠬᠠᠨ ᠨᠡᠯᠢᠶᠡᠳ ᠲᠣᠭ᠎ᠠ ᠪᠠᠷ ᠮᠣᠩᠭᠣᠯ ᠤᠨ ᠮᠦᠽᠧᠢ ᠨᠦᠭᠦᠳ ᠲᠦ ᠬᠠᠳᠠᠭᠠᠯᠠᠭᠳᠠᠵᠤ ᠪᠠᠶᠢᠳᠠᠭ᠃
ᠴᠠᠭᠠᠨ ᠳ᠋ᠠᠷ᠎ᠠ ᠡᠬᠡ ᠶᠢᠨ ᠰᠡᠳᠦᠪᠴᠢᠯᠡᠭᠰᠡᠨ ᠦᠵᠡᠰᠬᠦᠯᠡᠩ ᠳᠦ ᠠᠯᠳᠠᠷᠲᠤ ᠵᠢᠷᠤᠭᠠᠴᠢ ︽ᠮᠠᠷᠵᠠᠩ︾ ᠬᠡᠮᠡᠬᠦ  ᠪᠠᠯᠳᠠᠤ ᠶᠢᠨ ᠰᠢᠷᠠᠪ ᠤᠨ ᠪᠣᠳᠠᠲᠤ ᠬᠦᠮᠦᠨ ᠦ ᠳᠦᠷᠢ ᠪᠡᠷ ᠳᠦᠷᠰᠦᠯᠡᠨ ᠪᠦᠲᠦᠭᠡᠭᠰᠡᠨ ᠲᠤᠬᠠᠢ ᠶᠢᠨ ᠴᠠᠭ ᠦᠶ᠎ᠡ ᠶᠢᠨ ᠮᠣᠩᠭᠣᠯ ᠤᠨ ᠱᠠᠰᠢᠨ ᠤ ᠤᠷᠠᠯᠢᠭ ᠤᠨ ᠰᠢᠨᠡᠯᠡᠭ ᠬᠡᠪ ᠮᠠᠶ᠋ᠢᠭ  ᠪᠦᠬᠦᠢ ᠴᠠᠭᠠᠨ ᠳ᠋ᠠᠷ᠎ᠠ ᠡᠬᠡ ᠪᠤᠷᠬᠠᠨ ᠢ ᠤᠯᠠᠨ ᠨᠡᠶᠢᠲᠡ ᠳᠦ ᠦᠵᠡᠭᠦᠯᠵᠡᠢ ᠃

ᠰᠡᠳᠬᠢᠭᠳᠡᠯ ᠦᠯᠡᠳᠡᠭᠡᠬᠦ