ᠠᠯᠲᠠᠨ ᠣᠪᠣᠭᠠᠨ ᠳᠤ 4000 ᠣᠷᠴᠢᠮ ᠬᠦᠮᠦᠨ ᠴᠤᠭᠯᠠᠵᠠᠢ | News.MN

ᠠᠯᠲᠠᠨ ᠣᠪᠣᠭᠠᠨ ᠳᠤ 4000 ᠣᠷᠴᠢᠮ ᠬᠦᠮᠦᠨ ᠴᠤᠭᠯᠠᠵᠠᠢ

ᠰᠦᠬᠡᠪᠠᠭᠠᠲᠤᠷ ᠠᠶᠢᠮᠠᠭ ᠤᠨ ᠳᠠᠷᠢᠭᠠᠩᠭ᠎ᠠ ᠰᠤᠮᠤ ᠶᠢᠨ ᠰᠢᠯᠢ ᠶᠢᠨ ᠪᠣᠭᠳᠠ᠂ ᠠᠯᠲᠠᠨ ᠣᠪᠣᠭ᠎ᠠ ᠣᠷᠴᠢᠮ ᠳᠤ ᠥᠴᠥᠭᠡᠳᠦᠷ ᠪᠤᠶᠤ ᠰᠢᠨ᠎ᠡ ᠶᠢᠨ 8 ᠳᠦ ᠨᠠᠷᠠ ᠬᠠᠷᠠᠬᠤ ᠪᠠᠷ 800 ᠭᠠᠷᠤᠢ ᠲᠡᠭᠡᠭᠡᠪᠦᠷᠢ ᠶᠢᠨ ᠬᠡᠷᠡᠭᠰᠡᠯ᠂ 4000 ᠣᠷᠴᠢᠮ ᠬᠦᠮᠦᠨ ᠴᠤᠭᠯᠠᠵᠠᠢ᠃ ᠡᠨᠡ ᠦᠶ᠎ᠡ ᠪᠡᠷ ᠴᠠᠭᠳᠠᠭ᠎ᠠ ᠶᠢᠨ ᠭᠠᠵᠠᠷ ᠤᠨ ᠠᠯᠪᠠ ᠬᠠᠭᠠᠭᠴᠢᠳ ᠪᠠᠶᠢᠩᠭᠤ ᠶᠢᠨ ᠪᠣᠯᠤᠨ ᠲᠦᠷ ᠫᠤᠰᠲ ᠲᠤ 24 ᠴᠠᠭ ᠤᠨ ᠲᠤᠷᠰᠢ ᠬᠢᠨᠠᠯᠲᠠ ᠰᠢᠯᠭᠠᠯᠲᠠ ᠬᠢᠵᠤ ᠠᠵᠢᠯᠯᠠᠭᠰᠠᠨ ᠪᠠᠶᠢᠨ᠎ᠠ᠃ ᠣᠷᠣᠨ ᠨᠤᠲᠤᠭ ᠤᠨ ᠵᠠᠮ ᠳᠤ ᠵᠠᠮ ᠲᠡᠭᠡᠭᠡᠪᠦᠷᠢ ᠶᠢᠨ ᠣᠰᠣᠯ᠂ ᠭᠡᠮᠲᠦ ᠬᠡᠷᠡᠭ ᠭᠠᠷᠤᠭ᠎ᠠ ᠦᠭᠡᠢ᠂ ᠰᠣᠭᠲᠣᠭᠤ ᠪᠠᠷ ᠲᠡᠭᠡᠭᠡᠪᠦᠷᠢ ᠶᠢᠨ ᠬᠡᠷᠡᠭᠰᠡᠯ ᠵᠢᠯᠤᠭᠤᠳᠤᠭᠰᠠᠨ ᠵᠥᠷᠢᠴᠡᠯ ᠨᠢᠭᠡ ᠶᠢ ᠢᠯᠡᠷᠡᠭᠦᠯᠦᠨ᠂ ᠵᠥᠪᠰᠢᠶᠡᠷᠡᠯ ᠦᠭᠡᠢ ᠭᠠᠯᠲᠤ ᠵᠡᠪᠰᠡᠭ 1᠂ ᠰᠤᠮᠤ 5 ᠰᠢᠷᠬᠡᠭ ᠢ ᠬᠤᠷᠢᠶᠠᠨ ᠠᠪᠴᠤ᠂ ︽ ᠵᠥᠷᠢᠴᠡᠯ ᠦᠨ ᠲᠤᠬᠠᠢ︾ ᠬᠠᠤᠯᠢ ᠪᠠᠷ 75 ᠵᠢᠯᠣᠭᠣᠴᠢ ᠶᠢ 3 ᠰᠠᠶ᠎ᠠ 525 ᠮᠢᠩᠭᠠᠨ ᠲᠥᠭᠥᠷᠢᠭ ᠢᠶᠡᠷ ᠲᠤᠷᠭᠠᠵᠤ ᠠᠷᠭ᠎ᠠ ᠬᠡᠮᠵᠢᠶ᠎ᠡ ᠲᠣᠭᠠᠴᠠᠵᠠᠢ᠃

ᠰᠡᠳᠬᠢᠭᠳᠡᠯ ᠦᠯᠡᠳᠡᠭᠡᠬᠦ