ᠺᠠᠨᠠᠳᠠ ᠤᠯᠤᠰ ᠤᠨ ᠡᠯᠴᠢᠨ ᠰᠠᠶᠢᠳ ᠤᠨ ᠶᠠᠮᠤᠨ ᠠᠴᠠ ᠰᠠᠨᠠᠭᠠᠴᠢᠯᠠᠨ ᠵᠣᠬᠢᠶᠠᠨ ᠪᠠᠶᠢᠭᠤᠯᠵᠤ ᠪᠤᠢ ᠮᠣᠩᠭᠣᠯ ᠤᠨ ᠵᠠᠯᠠᠭᠤ ᠬᠣᠺᠺᠧᠢᠴᠢᠳ ᠢ ᠳᠡᠮᠵᠢᠬᠦ ᠲᠥᠰᠥᠯ ᠦᠨ ᠬᠦᠷᠢᠶᠡᠨ ᠳᠦ ︽ᠮᠣᠩᠭᠣᠯ ᠳ᠋ᠡᠬᠢ ᠬᠣᠺᠺᠧᠢ ᠶᠢᠨ ᠡᠳᠦᠷ ᠦᠳ︾ ᠬᠣᠶᠠᠳᠤᠭᠠᠷ ᠰᠠᠷ᠎ᠠ ᠶᠢᠨ 16-19 ᠍ ᠦ ᠬᠣᠭᠣᠷᠣᠨᠳᠣ ᠪᠣᠯᠤᠨ᠎ᠠ᠃
ᠠᠷᠭ᠎ᠠ ᠬᠡᠮᠵᠢᠶᠡᠨ ᠦ ᠬᠦᠨᠳᠦᠲᠦ ᠵᠣᠴᠢᠨ ᠺᠠᠨᠠᠳᠠ ᠶᠢᠨ ᠸᠠᠩᠬᠦᠪᠦᠷ ᠬᠣᠲᠠ ᠶᠢᠨ ︽ᠯᠡᠰᠯ ᠭᠯᠦᠪᠡᠯ ᠰᠫᠣᠷᠲ᠋ᠰ︾ ᠺᠯᠦ᠋ᠪ ᠦᠨ ᠨᠸᠢᠢᠲ ᠯᠡᠰᠯ ᠲᠡᠷᠢᠭᠦᠲᠡᠢ ᠳᠠᠰᠬᠠᠯᠵᠢᠭᠤᠯᠤᠭᠴᠢᠳ ᠮᠠᠨ ᠤ ᠤᠯᠤᠰ ᠲᠤ ᠬᠦᠷᠦᠯᠴᠡᠨ ᠢᠷᠡᠵᠦ ᠬᠣᠺᠺᠧᠢᠴᠢᠳ᠂ ᠳᠠᠰᠬᠠᠯᠵᠢᠭᠤᠯᠤᠭᠴᠢᠳ ᠲᠤ ᠮᠥᠰᠦᠨ ᠲᠠᠯᠠᠪᠠᠢ ᠳᠡᠭᠡᠷ᠎ᠡ ᠰᠤᠷᠭᠠᠯᠲᠠ ᠬᠢᠬᠦ ᠳᠦ ᠪᠡᠯᠡᠨ ᠪᠣᠯᠵᠠᠢ᠃ ᠰᠤᠷᠭᠠᠯᠲᠠ ᠥᠨᠥᠳᠥᠷ ᠪᠠᠶᠠᠨᠵᠢᠷᠦᠬᠡ ᠳᠡᠭᠦᠷᠭᠡ ᠳᠦ ᠪᠠᠶᠢᠷᠢᠯᠠᠬᠤ ᠣᠷᠣᠰ 14 ᠳ᠋ᠤᠭᠡᠷ ᠰᠤᠷᠭᠠᠭᠤᠯᠢ ᠶᠢᠨ ᠤᠷᠳᠤ ᠲᠠᠯ᠎ᠠ ᠳᠤ ᠪᠤᠶᠤ ︽ ᠪᠯᠠᠰᠲ︾ ᠺᠤᠮᠫᠠᠨᠢ ᠶᠢᠨ ᠮᠥᠰᠦᠨ ᠲᠠᠯᠠᠪᠠᠢ ᠳᠤ 11᠄00 ᠴᠠᠭ ᠠᠴᠠ ᠡᠬᠢᠯᠡᠵᠡᠢ᠃ ᠮᠣᠩᠭᠣᠯ ᠤᠯᠤᠰ ᠲᠤ ᠬᠣᠺᠺᠧᠢ ᠶᠢᠨ ᠰᠫᠣᠷᠲ ᠰᠤᠼᠢᠶᠠᠯᠢᠰᠮ ᠤᠨ ᠦᠶ᠎ᠡ ᠡᠴᠡ ᠡᠬᠢᠯᠡᠨ ᠬᠥᠭᠵᠢᠭᠰᠡᠨ ᠴᠤ ᠬᠤᠪᠴᠠᠰᠤ ᠬᠡᠷᠡᠭᠰᠡᠯ᠂ ᠲᠠᠯᠠᠪᠠᠢ᠂ ᠳᠠᠰᠬᠠᠯᠵᠢᠭᠤᠯᠤᠭᠴᠢ ᠳᠤᠲᠠᠮᠠᠭ ᠠᠴᠠ ᠣᠳᠣ ᠪᠠᠷ ᠳᠡᠯᠡᠬᠡᠢ ᠳᠦ ᠲᠣᠮᠣᠬᠠᠨ ᠥᠷᠢᠰᠦᠯᠳᠦᠭᠴᠢ ᠪᠣᠯᠵᠤ ᠴᠢᠳᠠᠭ᠎ᠠ ᠦᠭᠡᠢ ᠪᠠᠶᠢᠨ᠎ᠠ᠃