ᠨ∙ᠲᠡᠭᠦᠰᠦᠴᠣᠭᠲᠤ ᠶᠢᠨ ᠳᠠᠷᠠᠭ᠎ᠠ ᠶᠢᠨ ᠥᠷᠢᠰᠦᠯᠳᠦᠭᠴᠢ ᠲᠣᠳᠣᠷᠠᠵᠠᠢ | News.MN

ᠨ∙ᠲᠡᠭᠦᠰᠦᠴᠣᠭᠲᠤ ᠶᠢᠨ ᠳᠠᠷᠠᠭ᠎ᠠ ᠶᠢᠨ ᠥᠷᠢᠰᠦᠯᠳᠦᠭᠴᠢ ᠲᠣᠳᠣᠷᠠᠵᠠᠢ

ᠮᠡᠷᠭᠡᠵᠢᠯ ᠦᠨ ᠪᠣᠺᠰ ᠤᠨ ᠷᠢᠩᠭᠢᠨ ᠳᠦ 11 ᠳ᠋ᠡᠬᠢ ᠲᠤᠯᠤᠭᠠᠨ ᠢᠶᠠᠨ ᠬᠢᠵᠦ ᠢᠯᠠᠭᠠᠳ᠂ IBO ᠪᠠᠶᠢᠭᠤᠯᠤᠨ ᠳᠡᠯᠡᠬᠡᠢ ᠶᠢᠨ ᠠᠪᠤᠷᠭᠤ ᠪᠣᠯᠤᠭᠰᠠᠨ ᠨ∙ᠲᠡᠭᠦᠰᠦᠴᠣᠭᠲᠤ ᠶᠢᠨ ᠳᠠᠷᠠᠭ᠎ᠠ  ᠶᠢᠨ ᠥᠷᠢᠰᠦᠯᠳᠦᠭᠴᠢ ᠣᠯᠠᠨ ᠤ ᠠᠩᠬᠠᠷᠤᠯ ᠢ ᠲᠠᠲᠠᠵᠤ ᠪᠤᠢ᠃ ᠲᠡᠭᠦᠨ ᠦ ᠡᠭᠡᠯᠵᠢᠲᠦ ᠥᠷᠢᠰᠦᠯᠳᠦᠭᠴᠢ ᠪᠡᠷ ᠠᠮᠧᠷᠢᠺᠠ ᠶᠢᠨ ᠲᠠᠮᠢᠷᠴᠢᠨ ᠭᠧᠷᠢ ᠷᠠᠰᠰᠧᠯ ᠭᠡᠬᠦ 30 ᠨᠠᠰᠤᠲᠠᠢ ᠮᠡᠷᠭᠡᠵᠢᠯ ᠦᠨ ᠳᠡᠪᠵᠢᠶᠡᠨ ᠳᠦ 30 ᠤᠳᠠᠭ᠎ᠠ ᠲᠣᠭᠯᠠᠭᠰᠠᠨ ᠠᠴᠠ 17 ᠶᠢ ᠨᠢ ᠬᠦᠨᠳᠦ ᠴᠣᠬᠢᠯᠲᠠ ᠪᠠᠷ ᠢᠯᠠᠭᠰᠠᠨ ᠰᠢᠯᠢᠳᠡᠭ ᠲᠠᠮᠢᠷᠴᠢᠨ ᠨᠡᠷᠡᠯᠡᠭᠳᠡᠭᠰᠡᠨ ᠪᠠᠶᠢᠨ᠎ᠠ᠃
King Tug  ᠬᠤᠴᠢᠲᠤ ᠨ∙ᠲᠡᠭᠦᠰᠦᠴᠣᠭᠲᠤ ᠶᠢᠨ ᠬᠤᠪᠢ ᠳᠤ ᠨᠢᠭᠡ ᠴᠤ ᠢᠯᠠᠭᠳᠠᠯ ᠦᠭᠡᠢ 100 ᠬᠤᠪᠢ ᠶᠢᠨ ᠠᠮᠵᠢᠯᠲᠠ ᠲᠠᠢ ᠶᠠᠪᠤᠭ᠎ᠠ ᠶᠤᠮ ᠃ WBC ᠬᠣᠯᠪᠣᠭᠠᠨ ᠤ ᠠᠪᠤᠷᠭᠤ ᠶᠢᠨ ᠪᠥᠰᠡ ᠶᠢᠨ ᠲᠥᠯᠥᠭᠡ  ᠦᠷᠢᠰᠦᠯᠳᠦᠬᠦ ᠲᠡᠳᠡᠨ ᠦ ᠲᠤᠯᠤᠭᠠᠨ ᠤ ᠲᠣᠪ ᠭᠠᠷᠤᠭ᠎ᠠ ᠦᠭᠡᠢ ᠪᠠᠶᠢᠭ᠎ᠠ ᠴᠤ ᠢᠷᠡᠬᠦ ᠳᠥᠷᠪᠡᠳᠦᠭᠡᠷ ᠰᠠᠷ᠎ᠠ ᠳᠤ ᠲᠤᠯᠤᠭᠠᠨ ᠪᠣᠯᠵᠤ ᠮᠠᠭᠠᠳ ᠦᠭᠡᠢ ᠪᠠᠶᠢᠭ᠎ᠠ ᠠᠵᠠᠢ ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

ᠮᠣᠩᠭᠤᠯ ᠪᠢᠴᠢᠭ 2019-02-15 66.181.186.226

ᠭᠣᠶᠣ ᠭᠣᠶᠣ᠃ ᠰᠠᠢᠢᠬᠠᠨ ᠮᠡᠳᠡᠭᠡ ᠪᠠᠢᠢᠨ᠎ᠠ