ᠠᠦ᠋ᠲ᠋ᠤ᠋ ᠮᠠᠰᠢᠨ ᠤ ᠪᠠᠷᠲᠠᠭᠠᠲᠤ ᠵᠠᠮ ᠤᠨ ᠤᠷᠤᠯᠳᠤᠭᠠᠨ ᠪᠣᠯᠤᠨ᠎ᠠ | News.MN

ᠠᠦ᠋ᠲ᠋ᠤ᠋ ᠮᠠᠰᠢᠨ ᠤ ᠪᠠᠷᠲᠠᠭᠠᠲᠤ ᠵᠠᠮ ᠤᠨ ᠤᠷᠤᠯᠳᠤᠭᠠᠨ ᠪᠣᠯᠤᠨ᠎ᠠ

ᠠᠦ᠋ᠲ᠋ᠤ᠋ ᠮᠠᠰᠢᠨ ᠤ ᠪᠠᠷᠲᠠᠭᠠᠲᠤ ᠵᠠᠮ ᠤᠨ ᠴᠤᠪᠤᠷᠠᠯ ᠤᠷᠤᠯᠳᠤᠭᠠᠨ ᠤ 2019 ᠣᠨ ᠤ ᠠᠩᠬᠠᠨ ᠤ ᠲᠡᠮᠡᠴᠡᠭᠡᠨ ︽ᠠᠦ᠋ᠲ᠋ᠣᠬᠢᠮ – ᠮᠠᠰᠲ᠋ᠸᠷᠺᠷᠣᠰ 2019 ︾ ᠡᠨᠡ ᠰᠠᠷ᠎ᠠ ᠶᠢᠨ 24 ᠍ ᠦ ᠡᠳᠦᠷ ᠮᠣᠷᠢᠩ ᠦᠨ ᠳᠠᠪᠠᠭᠠᠨ ᠳᠤ ᠪᠣᠯᠤᠨ᠎ᠠ᠃ ᠣᠳᠣ ᠪᠠᠷ ᠤᠭ ᠤᠷᠤᠯᠳᠤᠭᠠᠨ ᠤ ᠪᠦᠷᠢᠳᠬᠡᠯ ᠶᠠᠪᠤᠭᠳᠠᠵᠤ ᠪᠤᠢ ᠪᠥᠭᠡᠳ 50 ᠭᠠᠷᠤᠢ ᠲᠠᠮᠢᠷᠴᠢᠨ ᠣᠷᠣᠯᠴᠠᠬᠤ ᠪᠠᠷ ᠮᠡᠳᠡᠭᠦᠯᠭᠡ ᠪᠡᠨ ᠢᠷᠡᠭᠦᠯᠦᠭᠡᠳ ᠪᠠᠶᠢᠭ᠎ᠠ ᠠᠵᠠᠢ᠃
ᠮᠣᠩᠭᠣᠯ ᠤᠨ ᠠᠦ᠋ᠲ᠋ᠤ᠋ ᠮᠠᠰᠲ᠋ᠸᠷ ᠤᠳ ᠤᠨ ᠬᠣᠯᠪᠣᠭ᠎ᠠ ᠶᠢ ᠲᠠᠮᠢᠷᠴᠢᠳ ᠥᠪᠡᠷᠰᠡᠳ ᠢᠶᠡᠨ ᠨᠢᠭᠡᠳᠦᠨ ᠪᠠᠶᠢᠭᠤᠯᠵᠤ᠂ 13 ᠵᠢᠯ ᠲᠠᠰᠤᠷᠠᠯᠲᠠ ᠦᠭᠡᠢ ᠲᠡᠮᠡᠴᠡᠭᠡᠨ ᠤᠷᠤᠯᠳᠤᠭᠠᠨ ᠵᠣᠬᠢᠶᠠᠨ ᠪᠠᠶᠢᠭᠤᠯᠵᠤ ᠢᠷᠡᠵᠡᠢ᠃ ᠡᠭᠦᠨ ᠦ ᠦᠷ᠎ᠡ ᠳ᠋ᠦᠩ ᠳᠦ ᠮᠣᠩᠭᠣᠯ ᠤᠨ ᠠᠦ᠋ᠲ᠋ᠣ᠋ ᠰᠫᠣᠷᠲ ᠤᠨ ᠲᠠᠮᠢᠷᠴᠢᠳ ᠤᠨ ᠤᠷᠳᠤ ᠴᠢᠳᠠᠪᠤᠷᠢ᠂ ᠲᠧᠭᠨᠢᠭ ᠦᠨ ᠦᠵᠡᠭᠦᠯᠦᠯᠲᠡ ᠰᠠᠶᠢᠵᠢᠷᠠᠭᠰᠠᠨ ᠢ ᠣᠯᠠᠨ ᠤᠯᠤᠰ ᠤᠨ ᠲᠡᠮᠡᠴᠡᠭᠡᠨ ᠳᠦ ᠣᠷᠣᠯᠴᠠᠵᠤ ᠪᠠᠶᠢᠭ᠎ᠠ ᠠᠮᠵᠢᠯᠲᠠ ᠪᠠᠷ ᠬᠠᠷᠠᠵᠤ ᠪᠣᠯᠤᠨ᠎ᠠ᠃ 2019 ᠣᠨ ᠤ ᠠᠩᠬᠠᠨ ᠤ ᠤᠷᠤᠯᠳᠤᠭᠠᠨ ᠢ ︽ᠠᠦ᠋ᠲ᠋ᠣᠬᠢᠮ︾ ᠺᠤᠮᠫᠠᠨᠢ ᠢᠪᠡᠭᠡᠨ ᠲᠡᠳᠬᠦᠨ ᠶᠠᠪᠤᠭᠤᠯᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ