ᠪᠠᠶᠠᠨ-ᠥᠯᠥᠭᠡᠢ ᠳᠦ 14 ᠮᠢᠩᠭ᠎ᠠ ᠣᠷᠴᠢᠮ ᠮᠠᠯ ᠬᠡᠭᠡᠯ ᠬᠠᠶᠠᠵᠠᠢ | News.MN

ᠪᠠᠶᠠᠨ-ᠥᠯᠥᠭᠡᠢ ᠳᠦ 14 ᠮᠢᠩᠭ᠎ᠠ ᠣᠷᠴᠢᠮ ᠮᠠᠯ ᠬᠡᠭᠡᠯ ᠬᠠᠶᠠᠵᠠᠢ

ᠪᠠᠶᠠᠨ-ᠥᠯᠥᠭᠡᠢ ᠠᠶᠢᠮᠠᠭ ᠲᠤ ᠣᠨ ᠤ ᠡᠬᠢᠨ ᠳᠦ 914738 ᠲᠣᠯᠣᠭᠠᠢ ᠬᠡᠭᠡᠯᠲᠦᠭᠴᠢ ᠲᠣᠭᠠᠯᠠᠭᠳᠠᠭᠰᠠᠨ ᠠᠴᠠ ᠡᠨᠡ ᠰᠠᠷ᠎ᠠ ᠶᠢᠨ 12 ᠍ ᠤ ᠡᠳᠦᠷ ᠦᠨ ᠪᠠᠶᠢᠳᠠᠯ ᠢᠶᠠᠷ 13580 ᠬᠡᠭᠡᠯᠲᠦᠭᠴᠢ ᠬᠡᠭᠡᠯ ᠬᠠᠶᠠᠭᠰᠠᠨ ᠭᠡᠰᠡᠨ ᠰᠤᠳᠤᠯᠭ᠎ᠠ ᠶᠢ ᠠᠶᠢᠮᠠᠭ ᠤᠨ ᠬᠦᠨᠡᠰᠦ᠂ ᠬᠥᠳᠡᠭᠡ ᠠᠵᠤ ᠠᠬᠤᠢ ᠶᠢᠨ ᠭᠠᠵᠠᠷ ᠠᠴᠠ ᠭᠠᠷᠭᠠᠭᠰᠠᠨ ᠪᠠᠶᠢᠨ᠎ᠠ᠃ ᠡᠭᠦᠨ ᠡᠴᠡ ᠴᠡᠩᠭᠡᠯ ᠰᠤᠮᠤᠨ ᠳᠤ ᠬᠠᠮᠤᠭ ᠤᠨ ᠶᠡᠬᠡ ᠪᠤᠶᠤ 3846 ᠲᠣᠯᠣᠭᠠᠢ᠂ ᠪᠤᠯᠠᠭᠠᠨ ᠳᠤ 2300 ᠲᠣᠯᠣᠭᠠᠢ᠂ ᠪᠠᠶᠠᠨᠨᠠᠭᠤᠷ ᠲᠤ 1836 ᠲᠣᠯᠣᠭᠠᠢ᠂ ᠲᠣᠯᠪᠣ ᠳᠤ 1520 ᠲᠣᠯᠣᠭᠠᠢ ᠮᠠᠯ ᠬᠡᠭᠡᠯ ᠬᠠᠶᠠᠭᠰᠠᠨ ᠠᠴᠠ ᠶᠡᠬᠡᠩᠬᠢ ᠶᠢ ᠨᠢ ᠢᠮᠠᠭ᠎ᠠ ᠡᠵᠡᠯᠡᠵᠡᠢ᠃ ᠮᠡᠷᠭᠡᠵᠢᠯ ᠦᠨ ᠬᠦᠮᠦᠰ ᠦᠨ ᠲᠠᠶᠢᠯᠪᠤᠷᠢᠯᠠᠭᠰᠠᠨ ᠢᠶᠠᠷ ᠶᠡᠬᠡᠩᠬᠢ ᠨᠤᠲᠤᠭ ᠢᠶᠠᠷ ᠪᠡᠯᠴᠢᠭᠡᠷ ᠴᠠᠰᠤᠨ ᠳᠤ ᠳᠠᠷᠤᠭᠳᠠᠵᠤ᠂ ᠮᠠᠯ ᠪᠡᠯᠴᠢᠬᠦ ᠪᠣᠯᠤᠮᠵᠢ ᠦᠭᠡᠢ ᠪᠣᠯᠤᠭᠰᠠᠨ᠂ ᠬᠦᠢᠲᠡᠨ ᠦ ᠡᠷᠴᠢ ᠰᠤᠯᠠᠷᠠᠬᠤ ᠦᠭᠡᠢ ᠪᠠᠶᠢᠭ᠎ᠠ ᠵᠡᠷᠭᠡ ᠬᠦᠴᠦᠨ ᠵᠦᠢᠯ ᠬᠡᠭᠡᠯ ᠬᠠᠶᠠᠬᠤ ᠳᠤ ᠨᠥᠯᠦᠭᠡᠯᠡᠭᠰᠡᠨ ᠪᠠᠶᠢᠨ᠎ᠠ᠃ ᠲᠡᠭᠦᠨᠴᠢᠯᠡᠨ ᠠᠶᠢᠮᠠᠭ ᠤᠨ ᠬᠡᠮᠵᠢᠶᠡᠨ ᠳᠦ 9676 ᠲᠣᠯᠣᠭᠠᠢ ᠮᠠᠯ ᠵᠦᠢ ᠪᠤᠰᠤ ᠪᠠᠷ ᠬᠣᠷᠣᠭᠳᠠᠭᠰᠠᠨ ᠪᠥᠭᠡᠳ 980183 ᠲᠣᠯᠣᠭᠠᠢ ᠮᠠᠯ ᠴᠠᠰᠤ ᠶᠡᠬᠡ ᠲᠡᠢ᠂ ᠡᠪᠦᠯᠵᠢᠯᠲᠡ ᠬᠦᠨᠳᠦᠷᠡᠭᠰᠡᠨ ᠨᠤᠲᠤᠭ ᠤᠳ ᠲᠤ ᠡᠪᠦᠯᠵᠢᠵᠦ ᠪᠠᠶᠢᠭ᠎ᠠ ᠠᠵᠠᠢ᠃

ᠰᠡᠳᠬᠢᠭᠳᠡᠯ ᠦᠯᠡᠳᠡᠭᠡᠬᠦ