ᠭ∙ᠣᠳᠬᠣᠨᠴᠡᠴᠡᠭ ᠬᠦᠷᠡᠯ ᠮᠸᠳᠠᠯ ᠬᠦᠷᠲᠡᠯ᠎ᠡ | News.MN

ᠭ∙ᠣᠳᠬᠣᠨᠴᠡᠴᠡᠭ ᠬᠦᠷᠡᠯ ᠮᠸᠳᠠᠯ ᠬᠦᠷᠲᠡᠯ᠎ᠡ

ᠵᠢᠦ᠋ᠳᠣ᠋ ᠪᠥᠬᠡ ᠶᠢᠨ ︽ᠶᠡᠬᠡ ᠳᠤᠭᠤᠯᠠᠭ᠎ᠠ︾ ᠲᠡᠮᠡᠴᠡᠭᠡᠨ ᠹᠷᠠᠨᠼᠢ ᠶᠢᠨ ᠫᠠᠷᠢᠰ ᠬᠤᠲᠠᠨ᠎ᠠ ᠪᠣᠯᠵᠤ ᠥᠩᠭᠡᠷᠡᠯ᠎ᠡ᠃ ᠲᠡᠮᠡᠴᠡᠭᠡᠨ ᠳᠦ ᠬᠠᠰᠠᠭᠰᠲ᠋ᠠᠨ ᠤᠯᠤᠰ ᠤᠨ ᠨᠡᠷ᠎ᠡ ᠶᠢᠨ ᠡᠮᠦᠨ᠎ᠡ ᠡᠴᠡ ᠣᠷᠣᠯᠴᠠᠵᠤ ᠪᠠᠶᠢᠭ᠎ᠠ ᠭ∙ᠣᠳᠬᠣᠨᠴᠡᠴᠡᠭ ᠬᠦᠷᠡᠯ ᠮᠧᠳᠠᠯ ᠬᠦᠷᠲᠡᠯ᠎ᠡ᠃ ᠲᠡᠷᠡᠪᠡᠷ ᠬᠥᠩᠭᠡᠨ ᠵᠢᠩ ᠪᠤᠶᠤ 48  ᠺᠢᠯᠦᠭᠷᠡᠮ ᠦᠨ ᠮᠧᠳᠠᠯ ᠤᠨ ᠲᠥᠯᠦᠭᠡᠬᠢ ᠰᠢᠢᠳᠪᠦᠷᠢᠯᠡᠬᠦ ᠪᠠᠷᠢᠯᠳᠤᠭᠠᠨ ᠳᠤ ᠭ∙ᠨᠠᠷᠠᠨᠴᠡᠴᠡᠭ ᠢ ᠢᠯᠠᠵᠤ ᠂ ᠱᠠᠩᠨᠠᠯ ᠤᠨ ᠲᠠᠪᠴᠠᠩ ᠳᠤ ᠵᠣᠭᠰᠣᠵᠠᠢ᠃ ᠬᠠᠷᠢᠨ ᠡᠷᠡᠭᠲᠡᠶᠢᠴᠦᠳ ᠦᠨ 73  ᠺᠢᠯᠦᠭᠷᠡᠮ ᠦᠨ ᠵᠢᠩ ᠳᠦ ᠪᠠᠷᠢᠯᠳᠤᠭᠰᠠᠨ ᠵᠠᠯᠠᠭᠤᠴᠤᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠮᠥᠩᠭᠥᠨ ᠮᠸᠳᠠᠯᠲᠤ ᠼ∙ᠴᠣᠭᠲᠤᠪᠠᠭᠠᠲᠤᠷ ᠮᠥᠩᠭᠥᠨ ᠮᠧᠳᠠᠯ ᠬᠦᠷᠲᠡᠭᠰᠡᠨ ᠪᠠᠶᠢᠨ᠎ᠠ᠃ ᠮᠥᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ‍ᠣ ᠮᠥᠩᠭᠥᠨ ᠮᠸᠳᠠᠯᠲᠤ  ᠠᠮᠤᠷᠲᠦ᠋ᠪᠰᠢᠨ 2015 ᠣᠨ ᠤ ᠫᠠᠷᠢᠰ ᠤᠨ ᠶᠡᠬᠡ ᠳᠤᠭᠤᠯᠠᠭ᠎ᠠ ᠲᠡᠮᠡᠴᠡᠭᠡᠨ ᠡᠴᠡ ᠬᠦᠷᠡᠯ ᠮᠧᠳᠠᠯ ᠬᠦᠷᠲᠡᠵᠦ ᠪᠠᠶᠢᠭᠰᠠᠨ ᠪᠥᠭᠡᠳ 4 ᠵᠢᠯ ᠦᠨ ᠳᠠᠷᠠᠭ᠎ᠠ ᠳᠠᠬᠢᠨ ᠬᠦᠷᠡᠯ ᠮᠧᠳᠠᠯ ᠤᠨ ᠡᠵᠡᠨ ᠪᠣᠯᠤᠯ᠎ᠠ᠃

ᠰᠡᠳᠬᠢᠭᠳᠡᠯ ᠦᠯᠡᠳᠡᠭᠡᠬᠦ