︽Hakuho cup 2019︾ ᠳᠦ ᠠᠮᠵᠢᠯᠲᠠ ᠲᠠᠢ ᠣᠷᠣᠯᠴᠠᠯ᠎ᠠ | News.MN

︽Hakuho cup 2019︾ ᠳᠦ ᠠᠮᠵᠢᠯᠲᠠ ᠲᠠᠢ ᠣᠷᠣᠯᠴᠠᠯ᠎ᠠ

ᠶᠠᠫᠣᠨ ᠤ ᠮᠡᠷᠭᠡᠵᠢᠯ ᠦᠨ ᠰᠦᠮᠣ᠋ ᠪᠥᠬᠡ ᠶᠢᠨ ᠶᠡᠬᠡ ᠠᠪᠤᠷᠭᠤ ᠬᠠᠺᠤᠬᠤ᠋ ᠠᠪᠤᠷᠭᠤ ᠶᠢᠨ ᠨᠡᠷᠡᠮᠵᠢᠲᠦ  ︽Hakuho cup 2019︾ ᠥᠰᠪᠦᠷᠢ ᠦᠶ᠎ᠡ ᠶᠢᠨ ᠰᠦᠮᠣ᠋ ᠪᠥᠬᠡ ᠶᠢᠨ ᠣᠯᠠᠨ ᠤᠯᠤᠰ ᠤᠨ ᠲᠡᠮᠡᠴᠡᠭᠡᠨ ᠠᠮᠵᠢᠯᠲᠠ ᠲᠠᠢ ᠪᠣᠯᠵᠤ ᠥᠩᠭᠡᠷᠡᠯ᠎ᠡ᠃ ᠨᠠᠢᠮᠠᠨ ᠣᠷᠣᠨ ᠤ 1224 ᠍ ᠥᠰᠪᠦᠷᠢ ᠶᠢᠨ ᠰᠦᠮᠣᠴᠢᠳ ᠳᠣᠯᠣᠭᠠᠨ ᠨᠠᠰᠤᠨ ᠤ ᠠᠩᠭᠢᠯᠠᠯ ᠳᠤ ᠥᠷᠢᠰᠦᠯᠳᠦᠵᠦ ᠠᠯᠲᠠ᠂ ᠮᠥᠩᠭᠥ᠂ ᠬᠦᠷᠡᠯ ᠮᠧᠳᠠᠯ ᠤᠨ ᠡᠵᠡᠳ ᠲᠣᠳᠣᠷᠠᠯ᠎ᠠ᠃ ᠮᠠᠨ ᠤ ᠪᠠᠭ ᠲᠠᠮᠢᠷᠴᠢᠳ ᠪᠠᠭ ᠤᠨ ᠪᠠᠷᠢᠯᠳᠤᠭᠠᠨ ᠳᠤ 154 ᠪᠠᠭ ᠠᠴᠠ A ᠪᠠᠭ ᠬᠦᠷᠡᠯ ᠮᠧᠳᠠᠯ᠂ B ᠪᠠᠭ ᠰᠢᠭᠰᠢᠭᠡ 8 ᠍ ᠳᠦ ᠰᠢᠯᠭᠠᠷᠠᠨ ᠦᠯᠳᠡᠯ᠎ᠡ᠃
ᠮᠥᠨ ︽ᠺᠢᠪᠣ︾ ᠳᠡᠪᠵᠢᠶᠠᠨ ᠦ ᠪᠠᠭ ᠲᠠᠮᠢᠷᠴᠢᠳ ᠠᠩᠬ᠎ᠠ ᠤᠳᠠᠭ᠎ᠠ ᠪᠠᠭ ᠤᠨ ᠪᠣᠯᠤᠨ  ᠬᠤᠪᠢ ᠶᠢᠨ ᠪᠠᠷᠢᠯᠳᠤᠭᠠᠨ ᠳᠤ ᠣᠷᠣᠯᠴᠠᠭᠰᠠᠨ ᠪᠠᠶᠢᠨ᠎ᠠ᠃ ᠬᠤᠪᠢ ᠶᠢᠨ ᠪᠠᠷᠢᠯᠳᠤᠭᠠᠨ ᠳᠤ 10 ᠨᠠᠰᠤᠨ ᠤ ᠠᠩᠭᠢᠯᠠᠯ ᠳᠤ 159 ᠬᠡᠦᠬᠡᠳ ᠥᠷᠢᠰᠦᠯᠳᠦᠭᠰᠡᠨ ᠡᠴᠡ ᠨ᠂ ᠪᠠᠳᠮᠠᠨᠢᠩᠪᠤᠤ ᠳᠣᠯᠣᠭ᠎ᠠ ᠢᠯᠠᠵᠤ ᠠᠯᠲᠠᠨ ᠮᠧᠳᠠᠯ᠂ 13-15 ᠪᠤᠶᠤ ᠠᠬᠠᠯᠠᠬᠤ ᠨᠠᠰᠤᠨ ᠤ ᠠᠩᠭᠢᠯᠠᠯ ᠳᠤ 367 ᠬᠡᠦᠬᠡᠳ ᠥᠷᠢᠰᠦᠯᠳᠦᠭᠰᠡᠨ ᠡᠴᠡ ᠨ᠂ ᠰᠤᠰᠤᠷᠬᠦ᠋ᠤ 6 ᠢᠯᠠᠵᠤ ᠰᠢᠭᠰᠢᠭᠡ 16 ᠍ ᠳᠦ ᠰᠢᠯᠭᠠᠷᠠᠨ  ᠦᠯᠡᠳᠡᠯ᠎ᠡ᠃ 9 ᠨᠠᠰᠤᠨ ᠳᠤ ᠪᠠᠷᠢᠯᠳᠤᠭᠰᠠᠨ  ᠳᠤᠷᠵᠢᠰᠡᠷᠡᠩ ᠲᠤᠰᠬᠠᠢ 3 ᠱᠠᠩᠨᠠᠯ ᠤᠨ ᠨᠢᠭᠡ ᠺᠠᠨᠲ᠋ᠣᠱᠣ ᠪᠤᠶᠤ ᠳᠠᠶᠢᠴᠢᠨ ᠪᠥᠬᠡ ᠶᠢᠨ ᠱᠠᠩᠨᠠᠯ ᠬᠦᠷᠲᠡᠵᠡᠢ᠃

ᠰᠡᠳᠬᠢᠭᠳᠡᠯ ᠦᠯᠡᠳᠡᠭᠡᠬᠦ