ᠠᠳᠤᠭᠤ᠂ ᠬᠣᠨᠢ᠂ ᠲᠡᠮᠡᠭᠡ ᠥᠰᠴᠠᠢ | News.MN

ᠠᠳᠤᠭᠤ᠂ ᠬᠣᠨᠢ᠂ ᠲᠡᠮᠡᠭᠡ ᠥᠰᠴᠠᠢ

ᠮᠠᠯ ᠲᠤᠭᠠᠯᠠᠯᠭ᠎ᠠ ᠶᠢᠨ ᠡᠴᠦᠰ ᠦᠨ ᠳ᠋ᠦᠩ ᠢᠶᠡᠷ ᠤᠯᠤᠰ ᠤᠨ ᠬᠡᠮᠵᠢᠶᠡᠨ ᠳᠦ 66.5 ᠰᠠᠶ᠎ᠠ ᠮᠠᠯ᠂ ᠡᠭᠦᠨ ᠡᠴᠡ 3.9 ᠰᠠᠶ᠎ᠠ ᠠᠳᠤᠭᠤ᠂ 4.4 ᠰᠠᠶ᠎ᠠ ᠦᠬᠡᠷ᠂ 459.7 ᠮᠢᠩᠭᠠᠨ ᠲᠡᠮᠡᠭᠡ᠂ 30.6 ᠰᠠᠶ᠎ᠠ ᠬᠣᠨᠢ᠂ 27.1 ᠰᠠᠶ᠎ᠠ ᠢᠮᠠᠭ᠎ᠠ ᠲᠣᠭᠠᠯᠠᠭᠳᠠᠭᠠᠳ ᠪᠠᠶᠢᠨ᠎ᠠ᠃ ᠠᠳᠤᠭᠤᠨ ᠤ ᠲᠣᠭ᠎ᠠ ᠲᠣᠯᠣᠭᠠᠢ ᠶᠢ ᠡᠮᠦᠨᠡᠬᠢ ᠣᠨ ᠲᠠᠢ ᠬᠠᠷᠢᠴᠠᠭᠤᠯᠬᠤ ᠳᠤ 0.4  ᠬᠤᠪᠢ ᠪᠠᠷ᠂ ᠲᠡᠮᠡᠭᠡ 5.9 ᠬᠤᠪᠢ ᠪᠠᠷ᠂ ᠬᠣᠨᠢ 1.5 ᠬᠤᠪᠢ ᠪᠠᠷ ᠲᠤᠰ ᠲᠤᠰ ᠥᠰᠴᠠᠢ᠃ ᠬᠠᠷᠢᠨ ᠦᠬᠡᠷ ᠰᠦᠷᠦᠭ ᠦᠨ ᠲᠣᠭ᠎ᠠ ᠡᠮᠦᠨ᠎ᠡ ᠣᠨ ᠤ ᠬᠢ ᠠᠴᠠ 0.2 ᠬᠤᠪᠢ ᠪᠠᠷ᠂ ᠢᠮᠠᠭᠠᠨ ᠤ ᠲᠣᠭ᠎ᠠ ᠲᠣᠯᠣᠭᠠᠢ 0.8 ᠬᠤᠪᠢ ᠪᠠᠷ ᠪᠠᠭᠤᠷᠠᠵᠠᠢ᠃
ᠤᠯᠤᠰ ᠤᠨ ᠬᠡᠮᠵᠢᠶᠡᠨ ᠳᠦ ᠥᠩᠭᠡᠷᠡᠭᠰᠡᠨ ᠣᠨ ᠳᠤ ᠲᠥᠯᠯᠡᠬᠦ ᠨᠠᠰᠤᠨ ᠤ 28.2 ᠰᠠᠶ᠎ᠠ ᠬᠡᠭᠡᠯᠲᠦᠭᠴᠢ ᠮᠠᠯ ᠤᠨ 21.2 ᠰᠠᠶ᠎ᠠ ᠨᠢ ᠪᠤᠶᠤ 75 ᠬᠤᠪᠢ ᠨᠢ ᠲᠥᠯᠯᠡᠵᠡᠢ᠃ ᠭᠡᠭᠦᠦ ᠶᠢᠨ 67.3 ᠬᠤᠪᠢ᠂  ᠦᠨᠢᠶ᠎ᠡ ᠶᠢᠨ 7.1 ᠬᠤᠪᠢ᠂ ᠢᠩᠭᠡᠨ ᠦ 50.8 ᠬᠤᠪᠢ᠂ ᠡᠮ ᠢᠮᠠᠭᠠᠨ ᠤ 69.4 ᠬᠤᠪᠢ ᠨᠢ ᠲᠥᠯᠯᠡᠭᠰᠡᠨ ᠪᠠᠶᠢᠨ᠎ᠠ᠃ ᠣᠨ ᠤ ᠡᠬᠢᠨ ᠳᠦ ᠲᠣᠭᠠᠯᠠᠭᠰᠠᠨ ᠨᠡᠶᠢᠲᠡ ᠮᠠᠯ ᠤᠨ ᠳᠥᠷᠪᠡᠨ ᠬᠤᠪᠢ ᠪᠤᠶᠤ 2.6 ᠰᠠᠶ᠎ᠠ ᠲᠣᠮᠣ ᠮᠠᠯ ᠥᠩᠭᠡᠷᠡᠭᠰᠡᠨ ᠣᠨ ᠳᠤ ᠵᠦᠢ ᠪᠤᠰᠤ ᠪᠠᠷ ᠬᠣᠷᠣᠭᠳᠠᠵᠠᠢ᠃

ᠰᠡᠳᠬᠢᠭᠳᠡᠯ ᠦᠯᠡᠳᠡᠭᠡᠬᠦ