ᠣ᠊∙ᠡᠩᠬᠡᠡᠷᠳᠡᠨᠢ ᠠᠩᠬᠠᠨ ᠤ ᠴᠣᠮᠣᠭ ᠢᠶᠠᠨ ᠭᠠᠷᠭᠠᠨ᠎ᠠ | News.MN

ᠣ᠊∙ᠡᠩᠬᠡᠡᠷᠳᠡᠨᠢ ᠠᠩᠬᠠᠨ ᠤ ᠴᠣᠮᠣᠭ ᠢᠶᠠᠨ ᠭᠠᠷᠭᠠᠨ᠎ᠠ

ᠳᠡᠯᠡᠬᠡᠢ ᠶᠢᠨ ᠥᠨᠴᠥᠭ ᠪᠤᠯᠤᠨ ᠪᠦᠷᠢ ᠶᠢᠨ ᠠᠪᠢᠶᠠᠰᠲᠠᠨ ᠨᠤᠭᠤᠳ ᠣᠷᠣᠯᠴᠠᠨ᠂ ᠬᠦᠴᠦ ᠰᠣᠷᠢᠳᠠᠭ CBS ᠲᠸᠯᠸᠢᠰ  ᠦᠨ The World’s Best ᠱᠤᠸᠤ᠋ ᠶᠢᠨ ᠡᠬᠢᠨ ᠦ ᠱᠠᠲᠤᠨ ᠤ ᠵᠢᠷᠤᠭ ᠠᠪᠤᠯᠲᠠ ᠥᠩᠭᠡᠷᠡᠭᠴᠢ ᠰᠠᠷ᠎ᠠ ᠶᠢᠨ 24 ᠍ ᠦ ᠡᠳᠦᠷ ᠪᠣᠯᠵᠤ᠂ ᠡᠨᠡ ᠰᠠᠷ᠎ᠠ ᠶᠢᠨ ᠭᠤᠷᠪᠠᠨ ᠤ ᠡᠳᠦᠷ ᠳᠡᠯᠡᠬᠡᠢ ᠳᠠᠶᠠᠭᠠᠷ ᠰᠠᠴᠤᠭᠳᠠᠭᠰᠠᠨ ᠶᠤᠮ᠃
ᠲᠤᠰ  ᠱᠤᠸᠤ᠋ ᠳᠤ Mongolia’s Got Talent 2016  ᠱᠤᠸᠤ᠋ ᠶᠢᠨ ᠢᠯᠠᠭᠴᠢ ᠣ᠊∙ᠡᠩᠬᠡᠡᠷᠳᠡᠨᠢ ᠮᠣᠩᠭᠣᠯ ᠤᠯᠤᠰ ᠢ ᠲᠥᠯᠥᠭᠡᠯᠡᠨ ᠣᠷᠣᠯᠴᠠᠵᠤ᠂ Country ᠲᠥᠷᠥᠯ ᠦᠨ Amarillo by Morning ᠬᠡᠮᠡᠬᠦ ᠳᠠᠭᠤᠤ ᠶᠢ ᠳᠠᠭᠤᠯᠠᠭᠰᠠᠨ ᠨᠢ ᠣᠯᠠᠨ ᠤᠯᠤᠰ ᠤᠨ ᠰᠢᠭᠦᠭᠴᠢ ᠪᠣᠯᠤᠨ ᠦᠵᠡᠭᠴᠢᠳ ᠦᠨ ᠠᠩᠬᠠᠷᠤᠯ ᠢ ᠶᠡᠬᠡᠳᠡ ᠲᠠᠲᠠᠨ᠂  ︽ᠡᠯᠸᠢᠰ ᠫᠷᠧᠯᠢᠭ ᠤᠨ ᠬᠣᠭᠣᠯᠠᠢ ᠲᠠᠢ ᠮᠣᠩᠭᠣᠯ ᠵᠠᠯᠠᠭᠤ︾ ᠬᠡᠮᠡᠨ ᠤᠯᠠᠨ ᠳᠤ ᠲᠠᠨᠢᠭᠳᠠᠭᠠᠳ ᠪᠠᠶᠢᠭ᠎ᠠ ᠪᠢᠯᠡ᠃ ᠲᠡᠷᠡᠪᠡᠷ ᠡᠬᠢᠨ ᠦ ᠰᠢᠯᠭᠠᠷᠠᠭᠤᠯᠤᠯᠲᠠ ᠳᠤ ᠭᠣᠣᠯ ᠭᠤᠷᠪᠠᠨ ᠰᠢᠭᠦᠭᠴᠢ ᠡᠴᠡ 50᠂ 48᠂ 48 ᠭᠡᠬᠦ ᠳᠡᠭᠡᠳᠦ ᠣᠨᠣᠭ᠎ᠠ ᠶᠢ ᠠᠪᠤᠭᠰᠠᠨ ᠪᠣᠯ ᠲᠤᠰᠠᠯᠠᠬᠤ 50 ᠰᠢᠭᠦᠭᠴᠢᠳ ᠡᠴᠡ ᠮᠥᠨ ᠥᠨᠳᠥᠷ ᠦᠨᠡᠯᠡᠭᠡ ᠠᠪᠤᠭᠰᠠᠨ ᠢᠶᠠᠷ ᠨᠡᠶᠢᠲᠡ 97 ᠤᠨᠤᠭ᠎ᠠ ᠲᠠᠢ ᠪᠠᠷ ᠳᠠᠷᠠᠭ᠎ᠠ ᠶᠢᠨ ᠱᠠᠲᠤ ᠳᠤ ᠰᠢᠯᠭᠠᠷᠠᠵᠠᠢ᠃
ᠣ᠊∙ᠡᠩᠬᠡᠡᠷᠳᠡᠨᠢ ᠫᠷᠣᠳᠢᠶᠦ᠋ᠰᠧᠷ ᠠᠨᠳ᠋ᠷᠢᠪ ᠯᠸᠢᠢᠨ ᠲᠡᠢ ᠭᠡᠷ᠎ᠡ ᠪᠠᠶᠢᠭᠤᠯᠵᠤ᠂ ᠠᠩᠬᠠᠨ ᠤ ᠪᠡᠶ᠎ᠡ  ᠳᠠᠭᠠᠭᠠᠭᠰᠠᠨ ᠴᠣᠮᠣᠭ ᠤᠨ ᠠᠵᠢᠯ ᠳᠤ ᠪᠠᠨ ᠠᠯᠢ ᠬᠡᠳᠦᠶᠢᠨ ᠣᠷᠣᠭᠰᠠᠨ ᠪᠠᠶᠢᠨ᠎ᠠ᠃ ᠡᠨᠡ ᠰᠠᠷ᠎ᠠ ᠶᠢᠨ ᠭᠤᠷᠪᠠᠨ ᠤ ᠡᠳᠦᠷ ᠲᠡᠭᠦᠨ ᠦ Wake Up with you ᠳᠠᠭᠤᠤ ᠶᠢᠨ ᠺᠯᠢᠫ ᠣᠯᠠᠨ ᠤ ᠬᠦᠷᠲᠡᠭᠡᠯ ᠪᠣᠯᠤᠭᠠᠳ ᠪᠠᠶᠢᠨ᠎ᠠ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

ᠮᠣᠩᠭᠤᠯ ᠪᠢᠴᠢᠭ 2019-02-13 66.181.176.185

ᠪᠠᠶᠠᠷ ᠬᠦᠷᠭᠡᠶ᠎ᠡ