ᠲᠦᠷᠦᠭᠰᠡᠨ ᠳᠡᠭᠦᠦ ᠶᠢᠨ ᠢᠶᠡᠨ ᠠᠮᠢᠨ ᠳᠤ ᠬᠦᠷᠴᠡᠢ | News.MN

ᠲᠦᠷᠦᠭᠰᠡᠨ ᠳᠡᠭᠦᠦ ᠶᠢᠨ ᠢᠶᠡᠨ ᠠᠮᠢᠨ ᠳᠤ ᠬᠦᠷᠴᠡᠢ

ᠴᠠᠭᠠᠨ ᠰᠠᠷ᠎ᠠ ᠶᠢᠨ ᠪᠠᠶᠠᠷ ᠤᠨ ᠡᠳᠦᠷ ᠦᠳ ᠲᠦ ᠤᠯᠤᠰ ᠤᠨ ᠬᠡᠮᠵᠢᠶᠡᠨ ᠳᠦ 11268 ᠳᠠᠭᠤᠳᠠᠯᠭ᠎ᠠ᠂ ᠮᠡᠳᠡᠭᠡᠯᠡᠯ ᠬᠦᠯᠢᠶᠡᠨ ᠠᠪᠤᠭᠰᠠᠨ ᠠᠴᠠ ᠭᠡᠮᠲᠦ ᠬᠡᠷᠡᠭ ᠦᠨ ᠰᠢᠨᠵᠢᠲᠡᠢ 361 ᠬᠡᠷᠡᠭ ᠪᠦᠷᠢᠳᠬᠡᠭᠳᠡᠭᠰᠡᠨ ᠪᠠᠶᠢᠨ᠎ᠠ᠃ ᠢᠷᠭᠡᠳ ᠳᠠᠷᠠᠭᠠᠯᠠᠭᠰᠠᠨ ᠣᠯᠠᠨ ᠬᠣᠨᠣᠭ ᠤᠨ ᠠᠮᠠᠷᠠᠯᠲᠠ ᠶᠢᠨ ᠡᠳᠦᠷ ᠦᠳ ᠲᠦ ᠭᠡᠷ ᠪᠦᠯᠢ ᠶᠢᠨ ᠬᠦᠷᠢᠶᠡᠨ ᠳᠦ ᠠᠷᠢᠬᠢᠳᠠᠨ ᠰᠤᠭᠲᠤᠭᠤᠷᠠᠭᠰᠠᠨ ᠤ ᠤᠯᠠᠮ ᠠᠴᠠ ᠭᠡᠮᠲᠦ ᠬᠡᠷᠡᠭ ᠦᠨ ᠭᠠᠷᠤᠯᠲᠠ ᠶᠡᠬᠡᠰᠦᠭᠰᠡᠨ ᠪᠠᠶᠢᠨ᠎ᠠ᠃ ᠡᠨᠡ ᠰᠠᠷ᠎ᠠ ᠶᠢᠨ 7 ᠤ ᠡᠳᠦᠷ ᠤᠪᠰᠤ ᠠᠶᠢᠮᠠᠭ ᠤᠨ ᠤᠯᠠᠭᠠᠨ ᠭᠤᠮ ᠰᠤᠮᠤ ᠶᠢᠨ ᠨᠤᠲᠤᠭ ᠲᠤ ᠣᠷᠣᠰᠢᠨ ᠰᠠᠭᠤᠬᠤ ᠬᠠᠶ᠋ᠢᠭ ᠲᠠᠢ ᠡᠷᠡᠭᠲᠡᠢ 31 ᠨᠠᠰᠤᠲᠠᠢ E ᠨᠢ ᠲᠦᠷᠦᠭᠰᠡᠨ ᠳᠡᠭᠦᠦ ᠪᠣᠯᠬᠤ ᠡᠷᠡᠭᠲᠡᠢ 29 ᠨᠠᠰᠤᠲᠠᠢ G ᠲᠡᠢ ᠮᠠᠷᠭᠤᠯᠳᠤᠨ ᠲᠡᠭᠦᠨ ᠦ ᠬᠦᠵᠦᠭᠦᠨ ᠲᠤᠰ ᠭᠠᠵᠠᠷ ᠲᠤ ᠬᠢᠲᠤᠭᠠᠯᠠᠵᠤ᠂ ᠠᠮᠢ ᠨᠠᠰᠤ ᠶᠢ ᠨᠢ ᠬᠣᠬᠢᠷᠠᠭᠠᠭᠰᠠᠨ ᠬᠡᠷᠡᠭ ᠭᠠᠷᠴᠠᠢ᠃ ᠤᠭ ᠬᠡᠷᠡᠭ ᠢ ᠤᠪᠰᠤ ᠠᠶᠢᠮᠠᠭ ᠤᠨ ᠴᠠᠭᠳᠠᠭ᠎ᠠ ᠶᠢᠨ ᠭᠠᠵᠠᠷ ᠠᠴᠠ ᠡᠷᠡᠭᠦᠦ ᠶᠢᠨ ᠬᠡᠷᠡᠭ ᠨᠡᠭᠡᠭᠡᠨ ᠮᠥᠷᠳᠡᠨ ᠰᠢᠯᠭᠠᠵᠤ ᠡᠬᠢᠯᠡᠵᠡᠢ᠃

ᠰᠡᠳᠬᠢᠭᠳᠡᠯ ᠦᠯᠡᠳᠡᠭᠡᠬᠦ