– ᠰᠣᠩᠭᠣᠭᠤᠯᠢ ᠵᠣᠬᠢᠶᠠᠨ ᠪᠠᠶᠢᠭᠤᠯᠬᠤ ᠳᠤ ᠬᠡᠳᠦᠢ ᠬᠡᠮᠵᠢᠶᠡᠨ ᠦ ᠵᠠᠷᠤᠳᠠᠯ ᠱᠠᠭᠠᠷᠳᠠᠭᠳᠠᠵᠤ ᠪᠠᠶᠢᠨ᠎ᠠ ᠪᠤᠢ ︖
-ᠨᠥᠬᠥᠨ ᠰᠣᠩᠭᠣᠭᠤᠯᠢ ᠶᠢᠨ ᠵᠠᠷᠤᠳᠠᠯ ᠢ ᠤᠯᠤᠰ ᠤᠨ ᠶᠡᠬᠡ ᠬᠤᠷᠠᠯ ᠬᠣᠶᠠᠳᠤᠭᠠᠷ ᠰᠠᠷ᠎ᠠ ᠶᠢᠨ 02᠍ ᠤ ᠡᠳᠦᠷ ᠦᠨ ᠬᠤᠷᠠᠯᠳᠤᠭᠠᠨ ᠢᠶᠠᠷ ᠪᠠᠲᠤᠯᠠᠭᠰᠠᠨ᠃ ᠲᠣᠳᠣᠷᠠᠭᠤᠯᠪᠠᠯ᠂ 287.6 ᠰᠠᠶ᠎ᠠ ᠲᠥᠭᠥᠷᠢᠭ ᠢᠶᠡᠷ ᠪᠠᠲᠤᠯᠠᠭᠳᠠᠭᠰᠠᠨ ᠵᠠᠷᠤᠳᠠᠯ ᠢᠶᠠᠷ ᠵᠣᠬᠢᠶᠠᠨ ᠪᠠᠶᠢᠭᠤᠯᠤᠨ᠎ᠠ᠃ ᠡᠭᠦᠨ ᠡᠴᠡ 246.1 ᠰᠠᠶ᠎ᠠ ᠲᠥᠭᠥᠷᠢᠭ ᠨᠢ ᠰᠣᠩᠭᠣᠭᠤᠯᠢ ᠶᠢᠨ ᠶᠡᠷᠦᠩᠬᠡᠢ ᠬᠤᠷᠢᠶᠠᠨ ᠤ ᠨᠡᠷ᠎ᠡ ᠳᠡᠭᠡᠷ᠎ᠡ᠂ 32 ᠭᠠᠷᠤᠢ ᠰᠠᠶ᠎ᠠ ᠲᠥᠭᠥᠷᠢᠭ ᠨᠢ ᠤᠯᠤᠰ ᠤᠨ ᠪᠦᠷᠢᠳᠬᠡᠯ ᠦᠨ ᠶᠡᠷᠦᠩᠬᠡᠢ ᠭᠠᠵᠠᠷ ᠤᠨ ᠨᠡᠷ᠎ᠡ ᠳᠡᠭᠡᠷ᠎ᠡ᠂ 8.3 ᠰᠠᠶ᠎ᠠ ᠲᠥᠭᠥᠷᠢᠭ ᠨᠢ ᠴᠠᠭᠳᠠᠭ᠎ᠠ ᠶᠢᠨ ᠶᠡᠷᠦᠩᠬᠡᠢ ᠭᠠᠵᠠᠷ ᠪᠤᠶᠤ ᠴᠠᠭᠳᠠᠭ᠎ᠠ ᠶᠢᠨ ᠬᠠᠮᠠᠭᠠᠯᠠᠯᠲᠠ ᠳᠤ ᠵᠣᠷᠢᠭᠤᠯᠤᠭᠳᠠᠬᠤ ᠶᠤᠮ᠃
– ᠰᠣᠩᠭᠣᠭᠤᠯᠢ ᠶᠢᠨ ᠢᠷᠡᠴᠡ ᠪᠦᠷᠢᠳᠦᠭᠦᠯᠬᠦ ᠲᠠᠯ᠎ᠠ ᠳᠡᠭᠡᠷ᠎ᠡ ᠰᠣᠩᠭᠣᠭᠤᠯᠢ ᠶᠢᠨ ᠶᠡᠷᠦᠩᠬᠡᠢ ᠬᠣᠷᠢᠶ᠎ᠠ ᠬᠡᠷᠬᠢᠨ ᠠᠩᠬᠠᠷᠴᠤ ᠠᠵᠢᠯᠯᠠᠵᠤ ᠪᠠᠶᠢᠨ᠎ᠠ ᠪᠤᠢ᠃ ᠨᠥᠬᠥᠨ ᠰᠣᠩᠭᠣᠭᠤᠯᠢ ᠳᠤ ᠨᠡᠶᠢᠲᠡ ᠰᠣᠩᠭᠣᠭᠴᠢᠳ ᠤᠨ ᠬᠡᠳᠦᠨ ᠬᠤᠪᠢ ᠨᠢ ᠰᠠᠨᠠᠯ ᠥᠭᠭᠦᠭᠰᠡᠨ ᠢᠶᠡᠷ ᠬᠦᠴᠦᠨ ᠲᠡᠭᠦᠯᠳᠡᠷ ᠪᠣᠯᠬᠤ ᠪᠤᠢ ︖
– ᠰᠣᠩᠭᠣᠭᠤᠯᠢ ᠬᠡᠨᠲᠡᠢ ᠠᠶᠢᠮᠠᠭ ᠤᠨ ᠲᠥᠪ ᠪᠤᠶᠤ ᠬᠡᠷᠦᠯᠦᠨ ᠰᠤᠮᠤ᠂ ᠮᠥᠷᠡᠨ ᠰᠤᠮᠤ᠂ ᠵᠢᠷᠭᠠᠯᠲᠤᠬᠠᠨ ᠰᠤᠮᠤ ᠳᠤ ᠨᠡᠶᠢᠲᠡ 21 ᠬᠡᠰᠡᠭ ᠲᠦ ᠰᠠᠨᠠᠯ ᠬᠤᠷᠢᠶᠠᠯᠲᠠ ᠶᠠᠪᠤᠭᠳᠠᠨ᠎ᠠ᠃ 500 ᠭᠠᠷᠤᠢ ᠬᠦᠮᠦᠨ ᠠᠵᠢᠯᠯᠠᠬᠤ ᠲᠣᠭᠠᠴᠠᠭ᠎ᠠ ᠪᠠᠶᠢᠭ᠎ᠠ᠃ ᠢᠷᠡᠴᠡ ᠶᠢᠨ ᠬᠤᠪᠢ ᠳᠤ᠂ ᠤᠯᠤᠰ ᠤᠨ ᠪᠦᠷᠢᠳᠬᠡᠯ ᠦᠨ ᠶᠡᠷᠦᠩᠬᠡᠢ ᠭᠠᠵᠠᠷ ᠠᠴᠠ 17450 ᠭᠠᠷᠤᠢ ᠰᠣᠩᠭᠣᠭᠴᠢ ᠪᠠᠶᠢᠭ᠎ᠠ ᠭᠡᠰᠡᠨ ᠮᠡᠳᠡᠭᠡᠯᠡᠯ ᠢ ᠥᠭᠭᠦᠭᠰᠡᠨ᠃ 2016 ᠣᠨ ᠳᠤ ᠲᠤᠰ ᠲᠣᠭᠣᠷᠢᠭ ᠲᠤ ᠢᠷᠡᠴᠡ 80 ᠬᠤᠪᠢ ᠲᠠᠢ ᠪᠠᠶᠢᠭᠰᠠᠨ᠃ ᠰᠣᠩᠭᠣᠭᠤᠯᠢ ᠶᠢᠨ ᠲᠤᠬᠠᠢ ᠬᠠᠤᠯᠢ ᠶᠢᠨ ᠳᠠᠭᠠᠤ ︽50 ᠳᠡᠭᠡᠷ᠎ᠡ ᠨᠡᠮᠡᠬᠦ ᠨᠢ ᠨᠢᠭᠡ︾ ᠭᠡᠰᠡᠨ ᠳᠦᠷᠢᠮ ᠢᠶᠡᠷ ᠶᠠᠪᠤᠭᠳᠠᠨ᠎ᠠ᠃
-ᠰᠢᠯᠵᠢᠯᠲᠡ ᠬᠥᠳᠡᠯᠭᠡᠭᠡᠨ ᠢ ᠬᠡᠵᠢᠶ᠎ᠡ ᠡᠴᠡ ᠬᠠᠭᠠᠵᠤ ᠡᠬᠢᠯᠡᠬᠦ ᠪᠤᠢ︖
-ᠤᠯᠤᠰ ᠤᠨ ᠶᠡᠬᠡ ᠬᠤᠷᠠᠯ ᠤᠨ ᠲᠣᠭᠲᠠᠭᠠᠯ ᠠᠯᠪᠠᠨ ᠶᠣᠰᠣᠭᠠᠷ ᠬᠦᠷᠭᠡᠭᠳᠡᠭᠡ ᠦᠭᠡᠢ ᠪᠠᠶᠢᠨ᠎ᠠ᠃ ᠡᠨᠡ ᠳᠣᠯᠣᠭ᠎ᠠ ᠬᠣᠨᠣᠭ ᠲᠤ ᠬᠦᠷᠭᠡᠭᠳᠡᠬᠦ ᠪᠠᠶᠢᠬᠤ᠃ ᠶᠡᠷᠦᠩᠬᠡᠶᠢᠯᠡᠭᠴᠢ ᠶᠢᠨ ᠬᠣᠷᠢᠭ ᠲᠠᠢ ᠬᠤᠯᠪᠤᠭ᠎ᠠ ᠲᠠᠢ ᠪᠠᠷ ᠬᠣᠶᠠᠷ ᠠᠴᠠ ᠭᠤᠷᠪᠠᠨ ᠬᠣᠨᠣᠭ ᠦᠯᠡᠳᠡᠭᠡᠳ ᠪᠠᠶᠢᠨ᠎ᠠ᠃ ᠲᠣᠭᠲᠠᠭᠠᠯ ᠬᠦᠷᠭᠡᠭᠦᠯᠦᠭᠰᠡᠨ ᠦ ᠳᠠᠷᠠᠭ᠎ᠠ ᠤᠯᠤᠰ ᠤᠨ ᠪᠦᠷᠢᠳᠭᠡᠯ ᠦᠨ ᠶᠡᠷᠦᠩᠬᠡᠢ ᠭᠠᠵᠠᠷ ᠠᠴᠠ ᠰᠢᠯᠵᠢᠯᠲᠡ ᠬᠥᠳᠡᠯᠭᠡᠭᠡᠨ ᠢ ᠵᠣᠭᠰᠣᠭᠠᠨ᠎ᠠ᠃
-ᠨᠡᠶᠢᠲᠡ 14 ᠨᠠᠮ ᠰᠣᠩᠭᠣᠭᠤᠯᠢ ᠳᠤ ᠤᠷᠤᠯᠴᠠᠬᠤ ᠬᠦᠰᠡᠯᠲᠡ ᠪᠡᠨ ᠢᠷᠡᠭᠦᠯᠵᠦ᠂ ᠪᠦᠷᠢᠳᠬᠡᠭᠦᠯᠦᠭᠰᠡᠨ ᠬᠡᠪ ᠢᠶᠡᠷ ᠢᠶᠡᠨ ᠤᠤ ︖
-ᠬᠠᠮᠤᠭ ᠤᠨ ᠰᠡᠭᠦᠯ ᠦᠨ ᠨᠠᠮ ᠨᠢᠭᠡᠳᠦᠭᠡᠷ ᠰᠠᠷ᠎ᠠ ᠶᠢᠨ 29 ᠍ ᠦ ᠡᠳᠦᠷ ᠪᠦᠷᠢᠳᠬᠡᠭᠳᠡᠭᠰᠡᠨ᠃ ᠬᠠᠤᠯᠢ ᠪᠠᠷ ᠢᠶᠠᠨ 180 ᠬᠣᠨᠣᠭ ᠤᠨ ᠡᠮᠦᠨ᠎ᠡ ᠳᠡᠭᠡᠳᠦ ᠰᠢᠭᠦᠬᠦ ᠳᠦ ᠪᠦᠷᠢᠳᠬᠡᠭᠦᠯᠦᠭᠰᠡᠨ ᠨᠠᠮ ᠤᠯᠤᠰ ᠤᠨ ᠶᠡᠬᠡ ᠬᠤᠷᠠᠯ ᠤᠨ ᠰᠣᠩᠭᠣᠭᠤᠯᠢ ᠳᠤ ᠤᠷᠤᠯᠴᠠᠬᠤ ᠡᠷᠬᠡ ᠨᠢ ᠨᠡᠭᠡᠭᠡᠭᠳᠡᠳᠡᠭ᠃ ᠲᠡᠭᠡᠬᠦ ᠪᠡᠷ 180 ᠬᠣᠨᠣᠭ ᠨᠢᠭᠡᠳᠦᠭᠡᠷ ᠰᠠᠷ᠎ᠠ ᠶᠢᠨ 01 ᠢᠶᠠᠷ ᠲᠠᠰᠤᠯᠪᠤᠷᠢ ᠪᠣᠯᠵᠤ ᠪᠠᠶᠢᠭ᠎ᠠ ᠤᠴᠢᠷ ᠭᠡᠷ ᠬᠣᠷᠢᠶᠠᠯᠠᠯ ᠬᠥᠭᠵᠢᠯ ᠦᠨ ᠨᠠᠮ ᠪᠣᠯᠤᠨ ᠪᠤᠰᠤᠳ ᠬᠣᠶᠠᠷ ᠨᠠᠮ ᠤᠷᠤᠯᠴᠠᠬᠤ ᠪᠣᠯᠤᠮᠵᠢ ᠦᠭᠡᠢ ᠪᠣᠯᠵᠤ ᠪᠠᠶᠢᠭ᠎ᠠ᠃ ᠢᠷᠭᠡᠨ ᠦ ᠵᠣᠷᠢᠭ-ᠨᠣᠭᠣᠭᠠᠨ ᠨᠠᠮ ᠰᠠᠩᠬᠦᠦ ᠶᠢᠨ ᠲᠠᠶᠢᠯᠤᠨ ᠢ ᠪᠠᠨ ᠠᠯᠪᠠᠨ ᠶᠣᠰᠣᠭᠠᠷ ᠰᠣᠩᠭᠣᠭᠤᠯᠢ ᠶᠢᠨ ᠶᠡᠷᠦᠩᠬᠡᠢ ᠬᠣᠷᠢᠶ᠎ᠠ ᠳᠦ ᠭᠠᠷᠭᠠᠭ᠎ᠠ ᠦᠭᠡᠢ ᠤᠴᠢᠷ ᠮᠥᠨ ᠬᠠᠰᠤᠭᠳᠠᠵᠤ ᠪᠠᠶᠢᠭ᠎ᠠ᠃
-ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠳᠠᠷᠤᠭ᠎ᠠ ᠨ∙ᠡᠩᠬᠡᠪᠠᠶᠠᠷ ᠤᠨ ᠨᠡᠷ᠎ᠡ ᠳᠡᠪᠰᠢᠬᠦ ᠡᠷᠬᠡ ᠨᠡᠭᠡᠭᠡᠯᠲᠡ ᠲᠡᠢ ᠤᠤ ︖
-ᠰᠢᠨ᠎ᠡ ᠡᠷᠡᠭᠦᠦ ᠶᠢᠨ ᠬᠠᠤᠯᠢ ᠬᠡᠷᠡᠭᠵᠢᠵᠦ ᠡᠬᠢᠯᠡᠭᠰᠡᠨ ᠤᠴᠢᠷ ᠠᠴᠠ ᠨᠡᠷ᠎ᠡ ᠳᠡᠪᠰᠢᠬᠦ ᠡᠷᠬᠡ ᠨᠢ ᠨᠡᠭᠡᠭᠡᠯᠲᠡ ᠲᠡᠢ᠃ ᠨᠡᠷ᠎ᠡ ᠳᠡᠪᠰᠢᠬᠦ ᠠᠵᠢᠯᠯᠠᠭ᠎ᠠ ᠰᠠᠨᠠᠯ ᠠᠪᠬᠤ ᠡᠳᠦᠷ ᠡᠴᠡ 37 ᠬᠣᠨᠣᠭ ᠤᠨ ᠡᠮᠦᠨ᠎ᠡ ᠶᠠᠪᠤᠭᠳᠠᠵᠤ᠂ ᠨᠡᠷ᠎ᠡ ᠳᠡᠪᠰᠢᠭᠦᠯᠬᠦ ᠠᠵᠢᠯᠯᠠᠭ᠎ᠠ ᠲᠠᠪᠤ ᠬᠣᠨᠣᠭ ᠤᠨ ᠳᠣᠲᠣᠷ᠎ᠠ ᠳᠠᠭᠤᠰᠤᠨ᠎ᠠ᠃ ᠨᠡᠷ᠎ᠡ ᠳᠡᠪᠰᠢᠭᠴᠢ ᠶᠢᠨ ᠦᠨᠡᠮᠯᠡᠬᠦ ᠶᠢ 22 ᠬᠣᠨᠣᠭ ᠤᠨ ᠡᠮᠦᠨ᠎ᠡ ᠪᠤᠶᠤ ᠵᠢᠷᠭᠤᠳᠤᠭᠠᠷ ᠰᠠᠷ᠎ᠠ ᠶᠢᠨ 08 ᠍ ᠳᠦ ᠣᠯᠭᠤᠵᠤ ᠡᠬᠢᠯᠡᠨ᠎ᠡ᠃ ᠰᠣᠩᠭᠣᠭᠤᠯᠢ ᠶᠢᠨ ᠰᠤᠷᠲᠠᠯᠴᠢᠯᠠᠭ᠎ᠠ 18 ᠬᠣᠨᠣᠭ ᠤᠨ ᠬᠤᠭᠤᠴᠠᠭᠠᠨ ᠳᠤ ᠬᠠᠤᠯᠢ ᠶᠢᠨ ᠳᠠᠭᠠᠤ ᠶᠠᠪᠤᠭᠳᠠᠨ᠎ᠠ᠃