ᠮᠣᠩᠭᠣᠯ ᠳᠡᠪᠡᠯ ᠤᠷᠠᠯᠠᠯ ᠤᠨ ᠦᠵᠡᠰᠬᠦᠯᠡᠩ ᠨᠡᠭᠡᠭᠡᠭᠳᠡᠯ᠎ᠡ | News.MN

ᠮᠣᠩᠭᠣᠯ ᠳᠡᠪᠡᠯ ᠤᠷᠠᠯᠠᠯ ᠤᠨ ᠦᠵᠡᠰᠬᠦᠯᠡᠩ ᠨᠡᠭᠡᠭᠡᠭᠳᠡᠯ᠎ᠡ

ᠥᠩᠭᠡᠷᠡᠭᠰᠡᠨ ᠦᠶ᠎ᠡ ᠶᠢᠨ ᠲᠡᠦᠬᠡ ᠶᠢ ᠰᠡᠬᠦᠨ ᠣᠷᠴᠢᠨ ᠴᠠᠭ ᠤᠨ ᠠᠮᠢᠳᠤᠷᠠᠯ ᠤᠨ ᠬᠡᠮᠨᠡᠯ ᠳᠦ ᠨᠡᠶᠢᠴᠡᠭᠦᠯᠦᠨ ᠤᠷᠠᠯᠠᠭᠰᠠᠨ᠂ ᠦᠨᠳᠦᠰᠦᠨ ᠦ ᠳᠡᠪᠡᠯ ᠬᠤᠪᠴᠠᠰᠤ᠂ ᠥᠪ ᠰᠤᠶᠤᠯ ᠤᠨ ᠦᠨ᠎ᠡ ᠴᠡᠨ᠎ᠡ ᠶᠢ ᠮᠡᠳᠡᠷᠡᠭᠦᠯᠬᠦ ︽ᠡᠷᠲᠡᠨ ᠦ ᠮᠣᠩᠭᠣᠯ ᠬᠢᠴᠡ︾ ᠦᠵᠡᠰᠬᠦᠯᠡᠩ ᠬᠠᠭᠠᠨ ᠭᠠᠯᠧᠷᠧᠢ ᠳᠦ ᠨᠡᠭᠡᠭᠡᠯᠲᠡ ᠪᠡᠨ ᠬᠢᠯ᠎ᠡ᠃ ᠮᠣᠩᠭᠣᠯ ᠳᠡᠪᠡᠯ ᠤᠷᠠᠯᠠᠯ ᠤᠨ ᠦᠵᠡᠰᠬᠦᠯᠡᠩ ᠲᠤᠰ ᠭᠠᠯᠧᠷᠧᠢ ᠳᠦ ᠠᠩᠬ᠎ᠠ ᠤᠳᠠᠭ᠎ᠠ ᠡᠶᠢᠨ ᠬᠦ ᠳᠡᠯᠭᠡᠭᠳᠡᠭᠰᠡᠨ ᠪᠥᠭᠡᠳ ᠵᠠᠭᠪᠤᠷ ᠵᠣᠬᠢᠶᠠᠨ ᠪᠦᠲᠦᠭᠡᠭᠴᠢ ᠣ᠊∙ᠤᠷᠠᠨᠴᠡᠴᠡᠭ ᠦᠨ ᠤᠷᠲᠤ ᠬᠤᠭᠤᠴᠠᠭᠠᠨ ᠤ ᠬᠥᠳᠡᠯᠮᠦᠷᠢ᠂ ᠤᠷ᠎ᠠ ᠤᠬᠠᠭᠠᠨ ᠢᠶᠠᠨ ᠰᠢᠩᠭᠡᠭᠡᠵᠦ ᠤᠷᠠᠯᠠᠭᠰᠠᠨ ᠤᠭ ᠪᠦᠲᠦᠭᠡᠯ ᠦᠳ ᠨᠢ ᠭᠠᠷ ᠠᠷᠭ᠎ᠠ ᠪᠠᠷ ᠴᠢᠮᠡᠭᠯᠡᠵᠦ᠂ ᠮᠣᠩᠭᠣᠯ ᠠᠬᠤᠢ᠂ ᠰᠤᠶᠤᠯ ᠢ ᠥᠪᠡᠷᠲᠡᠭᠡᠨ ᠰᠢᠩᠭᠡᠭᠡᠭᠰᠡᠨ ᠢᠶᠡᠷ ᠢᠶᠡᠨ ᠣᠨᠴᠠᠯᠢᠭ ᠶᠤᠮ ᠃
ᠡᠷᠲᠡᠨ ᠦ ᠾᠦᠩᠨᠤ᠂ ᠰᠢᠶᠠᠨᠪᠢ ᠨᠤᠭᠤᠳ ᠤᠨ ᠦᠶ᠎ᠡ ᠡᠴᠡ ᠤᠯᠪᠠᠭ᠎ᠠ ᠲᠠᠢ ᠨᠤᠮᠤᠷᠠᠭᠰᠠᠨ ᠨᠤᠮᠤᠨ ᠵᠠᠬ᠎ᠠ᠂ ᠠᠩ ᠭᠦᠷᠦᠭᠡ ᠬᠢᠬᠦ ᠳᠦ ᠲᠣᠬᠢᠷᠠᠮᠵᠢᠲᠠᠢ ᠴᠥᠭᠡᠨ ᠲᠣᠭᠠᠨ ᠤ ᠲᠣᠪᠴᠢ᠂ ᠲᠠᠪᠤᠨ ᠬᠣᠰᠢᠭᠤ ᠮᠠᠯ ᠤᠨ ᠭᠠᠷᠤᠯ ᠲᠠᠢ ᠲᠦᠭᠦᠬᠡᠢ ᠡᠳ᠋ ᠵᠡᠷᠭᠡ ᠮᠣᠩᠭᠣᠯᠴᠤᠳ ᠤᠨ ᠡᠷᠲᠡᠨ ᠦ ᠡᠪᠦᠭᠡ ᠳᠡᠭᠡᠳᠦᠰ ᠦᠨ ᠠᠬᠤᠢ ᠠᠮᠢᠳᠤᠷᠠᠯ ᠠᠴᠠ ᠮᠣᠩᠭᠣᠯ ᠳᠡᠪᠡᠯ ᠦᠨ ᠤᠷ᠎ᠠ ᠬᠢᠴᠡ ᠳᠦ ᠲᠤᠰᠬᠠᠯ ᠢᠶᠠᠨ ᠣᠯᠤᠭᠰᠠᠨ ᠵᠦᠢᠯᠡᠰ ᠶᠡᠬᠡ ᠪᠠᠶᠢᠳᠠᠭ᠃ ᠡᠳᠡᠭᠡᠷ ᠵᠠᠭᠪᠤᠷ ᠬᠢᠴᠡ ᠶᠢ ᠢᠯᠡᠭᠦᠦ ᠰᠠᠶᠢᠵᠢᠷᠠᠭᠤᠯᠤᠨ ᠬᠥᠭᠵᠢᠭᠦᠯᠵᠦ᠂ ᠬᠣᠶᠢᠴᠢ ᠦᠶ᠎ᠡ ᠳᠦ ᠪᠡᠨ ᠤᠯᠠᠮᠵᠢᠯᠠᠵᠤ ᠦᠯᠡᠳᠡᠭᠡᠬᠦ ᠶᠢᠨ ᠲᠤᠯᠠᠳᠠ ᠵᠠᠭᠪᠤᠷ ᠵᠣᠬᠢᠶᠠᠨ ᠪᠦᠲᠦᠭᠡᠭᠴᠢ ᠣ᠊∙ᠤᠷᠠᠨᠴᠡᠴᠡᠭ ︽ᠡᠷᠲᠡᠨ ᠦ ᠮᠣᠩᠭᠣᠯ ᠬᠢᠴᠡ︾ ᠦᠵᠡᠰᠭᠦᠯᠡᠩ ᠭᠠᠷᠭᠠᠬᠤ ᠪᠠᠷ ᠰᠢᠢᠳᠦᠭᠰᠡᠨ ᠨᠢ ᠡᠨᠡ ᠪᠠᠶᠢᠨ᠎ᠠ᠃

ᠰᠡᠳᠬᠢᠭᠳᠡᠯ ᠦᠯᠡᠳᠡᠭᠡᠬᠦ