︽ᠲᠦᠮᠡᠨ ᠰᠢᠪᠠᠭᠤᠲᠤ︾ ᠶᠢᠨIPO ᠵᠠᠬᠢᠶᠠᠯᠠᠭ᠎ᠠ ᠳᠠᠪᠠᠵᠤ ᠪᠠᠶᠠᠯᠠᠯ᠎ᠠ | News.MN

︽ᠲᠦᠮᠡᠨ ᠰᠢᠪᠠᠭᠤᠲᠤ︾ ᠶᠢᠨIPO ᠵᠠᠬᠢᠶᠠᠯᠠᠭ᠎ᠠ ᠳᠠᠪᠠᠵᠤ ᠪᠠᠶᠠᠯᠠᠯ᠎ᠠ

︽ᠮᠣᠩᠭᠣᠯ ᠤᠨ ᠬᠥᠷᠥᠩᠭᠡ ᠶᠢᠨ ᠪᠢᠷᠵᠢ︾ ᠲᠥᠷᠥ ᠶᠢᠨ ᠥᠮᠴᠢ ᠶᠢᠨ ᠬᠤᠪᠢᠴᠠᠭᠠᠲᠤ ᠺᠣᠮᠫᠠᠨᠢ ᠳᠡᠭᠡᠷ᠎ᠡ 2019 ᠣᠨ ᠤ ᠠᠩᠬᠠᠨ ᠤ IPO ᠪᠣᠯᠬᠤ ︽ᠲᠦᠮᠡᠨ ᠰᠢᠪᠠᠭᠤᠲᠤ ︾ ᠬᠤᠪᠢᠴᠠᠭᠠᠲᠤ ᠺᠣᠮᠫᠠᠨᠢ ᠨᠢ ᠨᠡᠶᠢᠲᠡ ᠬᠤᠪᠢᠴᠠᠭᠠᠨ ᠤ 25% ᠪᠤᠶᠤ 50 ᠰᠠᠶ᠎ᠠ ᠰᠢᠷᠬᠡᠭ ᠬᠤᠪᠢᠴᠠᠭ᠎ᠠ ᠶᠢ ᠣᠯᠠᠨ ᠨᠡᠶᠢᠲᠡ ᠳᠦ ᠰᠠᠨᠠᠯ ᠪᠣᠯᠭᠠᠵᠤ᠂ ᠵᠠᠬᠢᠶᠠᠯᠠᠭ᠎ᠠ ᠶᠢ 2019 ᠣᠨ ᠤ 01.15-01.31 ᠍ ᠦ ᠡᠳᠦᠷ ᠦᠨ 17᠄15 ᠴᠠᠭ ᠬᠦᠷᠲᠡᠯ᠎ᠡ ᠠᠪᠴᠤ ᠳᠠᠭᠤᠰᠤᠯ᠎ᠠ᠃
ᠲᠤᠰ ᠺᠣᠮᠫᠠᠨᠢ 50 ᠰᠠᠶ᠎ᠠ ᠰᠢᠷᠬᠡᠭ ᠬᠤᠪᠢᠴᠠᠭ᠎ᠠ ᠶᠢ ᠨᠢᠭᠡᠴᠡ ᠶᠢᠨ ᠦᠨ᠎ᠡ ᠨᠢ 200 ᠲᠥᠭᠥᠷᠢᠭ ᠢᠶᠡᠷ ᠣᠯᠠᠨ ᠨᠡᠶᠢᠲᠡ ᠳᠦ ᠰᠠᠨᠠᠯ ᠪᠣᠯᠭᠠᠭᠰᠠᠨ ᠠᠴᠠ ᠨᠡᠶᠢᠲᠡ 3000 ᠬᠥᠷᠥᠩᠭᠡ ᠣᠷᠣᠭᠤᠯᠤᠭᠴᠢ ᠠᠴᠠ 10.9 ᠲᠡᠷᠪᠤᠮ ᠲᠥᠭᠥᠷᠢᠭ ᠦᠨ ᠬᠤᠳᠠᠯᠳᠤᠨ ᠠᠪᠬᠤ ᠵᠠᠬᠢᠶᠠᠯᠠᠭ᠎ᠠ ᠪᠤᠶᠤ 54575195 ᠰᠢᠷᠬᠡᠭ ᠬᠤᠪᠢᠴᠠᠭ᠎ᠠ ᠬᠤᠳᠠᠯᠳᠤᠨ ᠠᠪᠬᠤ ᠵᠠᠬᠢᠶᠠᠯᠠᠭ᠎ᠠ ᠢᠷᠡᠭᠦᠯᠦᠭᠰᠡᠨ ᠪᠠᠶᠢᠨ᠎ᠠ᠃ ᠡᠨᠡ ᠨᠢ ᠣᠯᠠᠨ ᠨᠡᠶᠢᠲᠡ ᠳᠦ ᠰᠠᠨᠠᠯ ᠪᠣᠯᠭᠠᠭᠰᠠᠨ ᠳ᠋ᠦᠩ ᠡᠴᠡ 9.1 ᠬᠤᠪᠢ ᠪᠠᠷ ᠳᠠᠪᠠᠭᠰᠠᠨ ᠦᠵᠡᠭᠦᠯᠦᠯᠲᠡ ᠪᠣᠯᠤᠯ᠎ᠠ᠃ ᠡᠨᠡ ᠤᠳᠠᠭ᠎ᠠ ᠶᠢᠨ IPO ᠨᠢ ᠰᠡᠭᠦᠯ ᠦᠨ ᠬᠣᠶᠠᠷ ᠵᠢᠯ ᠳᠦ ᠵᠠᠷᠯᠠᠭᠳᠠᠭᠰᠠᠨ ᠬᠠᠮᠤᠭ ᠤᠨ ᠥᠨᠳᠥᠷ ᠳ᠋ᠦᠩ ᠲᠡᠢ᠂ ᠬᠠᠮᠤᠭ ᠤᠨ ᠣᠯᠠᠨ ᠬᠥᠷᠥᠩᠭᠡ ᠣᠷᠣᠭᠤᠯᠤᠭᠴᠢᠳ ᠣᠷᠣᠯᠴᠠᠭᠰᠠᠨ᠂ ᠢᠷᠭᠡᠳ SocialPay APP ᠢᠶᠡᠷ ᠳᠠᠩᠰᠠ ᠨᠡᠭᠡᠭᠡᠵᠦ᠂ ᠵᠠᠬᠢᠶᠠᠯᠠᠭ᠎ᠠ ᠥᠭᠬᠦ ᠪᠣᠯᠤᠮᠵᠢ ᠲᠠᠢ ᠲᠧᠭᠨᠣᠯᠣᠭᠢ ᠶᠢᠨ ᠳᠡᠪᠰᠢᠯ ᠢ ᠨᠡᠪᠲᠡᠷᠡᠭᠦᠯᠦᠭᠰᠡᠨ ᠣᠨᠴᠠᠯᠢᠭ ᠲᠠᠢ ᠪᠠᠷ ᠶᠠᠪᠤᠭᠳᠠᠭᠰᠠᠨ ᠶᠤᠮ᠃

ᠰᠡᠳᠬᠢᠭᠳᠡᠯ ᠦᠯᠡᠳᠡᠭᠡᠬᠦ