ᠭᠠᠨᠳᠠᠨ ᠳᠤ ᠴᠠᠬᠢᠮ ᠢᠶᠠᠷ ᠨᠣᠮ ᠠᠶᠢᠯᠠᠳᠬᠠᠵᠤ ᠪᠠᠶᠢᠨ᠎ᠠ | News.MN

ᠭᠠᠨᠳᠠᠨ ᠳᠤ ᠴᠠᠬᠢᠮ ᠢᠶᠠᠷ ᠨᠣᠮ ᠠᠶᠢᠯᠠᠳᠬᠠᠵᠤ ᠪᠠᠶᠢᠨ᠎ᠠ

ᠮᠣᠩᠭᠣᠯ ᠤᠨ ᠪᠤᠷᠬᠠᠨ ᠱᠠᠰᠢᠨᠲᠠᠨ ᠤ ᠲᠥᠪ ᠭᠠᠨᠳᠠᠩᠳᠡᠭᠴᠢᠯᠡᠨ ᠬᠡᠶᠢᠳ ᠨᠢ ᠰᠠᠷ᠎ᠠ ᠰᠢᠨ᠎ᠡ ᠶᠢᠨ ᠪᠠᠶᠠᠷ ᠢ ᠲᠣᠬᠢᠶᠠᠯᠳᠤᠭᠤᠯᠤᠨ ᠡᠬᠡ ᠣᠷᠣᠨ ᠳᠤ ᠪᠠᠨ ᠪᠣᠯᠤᠨ ᠬᠢᠯᠢ ᠶᠢᠨ ᠴᠢᠨᠠᠳᠤ ᠳᠤ ᠣᠷᠣᠰᠢᠨ ᠰᠠᠭᠤᠭ᠎ᠠ ᠰᠦᠰᠦᠭᠲᠡᠨ ᠣᠯᠠᠨ ᠤ ᠬᠦᠰᠡᠯᠲᠡ ᠶᠢᠨ ᠳᠠᠭᠠᠤ ᠨᠢᠭᠡᠨ ᠰᠢᠨ᠎ᠡ ᠦᠢᠯᠡᠴᠢᠯᠡᠭᠡ ᠶᠢ ᠠᠩᠬ᠎ᠠ ᠤᠳᠠᠭ᠎ᠠ ᠨᠡᠪᠲᠡᠷᠡᠭᠦᠯᠵᠡᠢ᠃ ᠡᠨᠡ ᠪᠣᠯ ︽ᠴᠠᠬᠢᠮ ᠨᠣᠮ ᠠᠶᠢᠯᠠᠳᠬᠠᠯ︾ ᠶᠤᠮ᠃
ᠡᠨᠡᠬᠦ ᠦᠢᠯᠡᠴᠢᠯᠡᠭᠡᠨ ᠦ ᠭᠣᠣᠯ ᠳᠠᠪᠠᠭᠤ ᠲᠠᠯ᠎ᠠ ᠨᠢ ᠵᠢᠯ ᠦᠨ ᠵᠠᠰᠠᠯ ᠨᠣᠮ ᠢᠶᠠᠨ ᠬᠢᠯᠭᠡᠬᠦ ᠭᠡᠵᠦ ᠪᠤᠢ ᠢᠷᠭᠡᠳ ᠲᠦ ᠲᠦᠷᠭᠡᠨ ᠰᠢᠭᠤᠷᠬᠠᠢ᠂ ᠬᠦᠷᠲᠡᠭᠡᠮᠵᠢᠲᠡᠢ ᠦᠢᠯᠡᠴᠢᠯᠡᠬᠦ ᠵᠣᠷᠢᠯᠭ᠎ᠠ ᠲᠠᠢ ᠪᠥᠭᠡᠳ ᠢᠨᠲᠸᠷᠨᠧᠲ ᠠᠰᠢᠭᠯᠠᠨ ᠭᠡᠷ ᠡᠴᠡ ᠪᠡᠨ ᠵᠠᠰᠠᠯ ᠨᠣᠮ ᠢᠶᠠᠨ ᠪᠢᠴᠢᠭᠦᠯᠬᠦ ᠪᠣᠯᠤᠮᠵᠢ ᠶᠢ ᠣᠯᠭᠤᠵᠤ ᠪᠠᠶᠢᠭ᠎ᠠ ᠪᠠᠷ ᠢᠶᠠᠨ ᠳᠠᠪᠠᠭᠤ ᠲᠠᠯ᠎ᠠ ᠲᠠᠢ ᠠᠵᠡᠢ᠃ ᠥᠪᠡᠷ ᠦᠨ ᠪᠡᠶ᠎ᠡ ᠪᠡᠷ ᠪᠣᠯᠤᠨ ᠴᠠᠬᠢᠮ ᠬᠡᠯᠪᠡᠷᠢ ᠪᠡᠷ ᠨᠣᠮ ᠪᠢᠴᠢᠭᠦᠯᠬᠦ ᠨᠢ ᠪᠤᠶᠠᠨ ᠤ ᠦᠢᠯᠡ ᠳᠦ ᠣᠭᠲᠣ ᠢᠯᠭᠠᠭ᠎ᠠ ᠦᠭᠡᠢ ᠪᠥᠭᠡᠳ ᠬᠠᠷᠢᠨ ᠰᠦᠰᠦᠭᠯᠡᠬᠦ᠂ ᠡᠰᠡ ᠰᠦᠰᠦᠭᠯᠡᠬᠦ ᠨᠢ ᠰᠦᠰᠦᠭᠲᠡᠨ ᠲᠠᠨ ᠠᠴᠠ ᠰᠢᠯᠲᠠᠭᠠᠯᠠᠬᠤ ᠠᠵᠠᠢ᠃ ᠲᠡᠶᠢᠮᠦ ᠤᠴᠢᠷ ᠠᠴᠠ ᠰᠡᠳᠬᠢᠯ ᠳᠦ ᠪᠡᠨ ᠰᠦᠰᠦᠭᠯᠡᠵᠦ ᠴᠢᠳᠠᠪᠠᠯ ᠲᠠᠨ ᠤ ᠣᠷᠣᠰᠢᠨ ᠪᠤᠢ ᠭᠠᠵᠠᠷ᠂ ᠣᠷᠣᠨ ᠬᠣᠯᠠᠳᠠᠬᠤ ᠦᠭᠡᠢ᠂ ᠪᠤᠶᠠᠨ ᠬᠤᠷᠠᠨ ᠴᠢᠭᠤᠯᠤᠨ᠎ᠠ ᠬᠡᠮᠡᠨ ᠰᠤᠳᠤᠷ ᠨᠣᠮ ᠳᠤ ᠠᠶᠢᠯᠠᠳᠴᠠᠢ᠃

ᠰᠡᠳᠬᠢᠭᠳᠡᠯ ᠦᠯᠡᠳᠡᠭᠡᠬᠦ