ᠠᠬᠠᠮᠠᠳ ᠤᠳ ᠤᠨ ᠠᠮᠤᠷ ᠮᠡᠨᠳᠦ ᠶᠢ ᠠᠶᠢᠯᠠᠳᠬᠠᠨ ᠵᠣᠯᠭᠠᠪᠠ | News.MN

ᠠᠬᠠᠮᠠᠳ ᠤᠳ ᠤᠨ ᠠᠮᠤᠷ ᠮᠡᠨᠳᠦ ᠶᠢ ᠠᠶᠢᠯᠠᠳᠬᠠᠨ ᠵᠣᠯᠭᠠᠪᠠ

ᠠᠷᠪᠠᠨ ᠳᠤᠯᠤᠳᠤᠭᠠᠷ ᠵᠢᠷᠠᠨ ᠤ ︽ᠤᠷᠪᠠᠭᠤᠯᠤᠭᠴᠢ︾ ᠬᠡᠮᠡᠬᠦ ᠰᠢᠷᠠᠭᠴᠢᠨ ᠭᠠᠬᠠᠢ ᠵᠢᠯ ᠦᠨ ᠬᠠᠪᠤᠷ ᠤᠨ ᠲᠡᠷᠢᠭᠦᠨ ᠰᠠᠷ᠎ᠠ ᠶᠢᠨ ᠰᠢᠨ᠎ᠡ ᠶᠢᠨ ᠨᠢᠭᠡᠨ ᠦ ᠥᠷᠯᠥᠭᠡ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ᠂ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ᠂ ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ᠬᠦᠷᠡᠯᠰᠦ᠋ᠬᠡ ᠨᠠᠷ ᠲᠥᠷᠥ ᠶᠢᠨ ᠣᠷᠳᠣᠨ ᠳᠦ ᠠᠬᠠᠮᠠᠳ ᠪᠤᠭᠤᠷᠤᠯ ᠤᠳ ᠢᠶᠠᠨ ᠬᠦᠨᠳᠦᠳᠬᠡᠨ ᠠᠮᠤᠷ ᠮᠡᠨᠳᠦ ᠶᠢ ᠨᠢ ᠠᠶᠢᠯᠠᠳᠬᠠᠨ ᠵᠣᠯᠭᠠᠵᠤ᠂ ᠬᠥᠭᠡᠷᠭᠡ ︵ᠬᠦᠬᠦᠷ︶ ᠵᠥᠷᠢᠭᠦᠯᠪᠡ᠃
ᠲᠥᠷᠥ ᠵᠠᠰᠠᠭ ᠤᠨ ᠤᠳᠤᠷᠢᠳᠤᠯᠭ᠎ᠠ ᠨᠤᠭᠤᠳ ᠤᠨ ᠬᠦᠨᠳᠦᠳᠬᠡᠯ ᠦᠵᠡᠭᠦᠯᠵᠦ ᠵᠣᠯᠭᠠᠭᠰᠠᠨ ᠠᠬᠠᠮᠠᠳ ᠤᠳ 80-98 ᠨᠠᠰᠤᠲᠠᠢ᠂ ᠮᠠᠯᠴᠢᠨ᠂ ᠦᠢᠯᠡᠴᠢᠯᠡᠭᠡᠨ ᠦ ᠠᠵᠢᠯᠲᠠᠨ᠂ ᠰᠠᠩᠬᠦᠦ᠂ ᠨᠢᠭᠲᠠᠯᠠᠨ ᠪᠣᠳᠣᠭᠴᠢ᠂ ᠠᠷᠠᠳ ᠤᠨ ᠶᠡᠬᠡ ᠬᠤᠷᠠᠯ ᠤᠨ ᠳ᠋ᠧᠫᠦᠲ᠋ᠠᠲ ᠵᠡᠷᠭᠡ ᠰᠠᠯᠪᠤᠷᠢ ᠪᠦᠷᠢ ᠶᠢᠨ ᠲᠥᠯᠥᠭᠡᠯᠡᠯ ᠦᠳ ᠪᠠᠶᠢᠯ᠎ᠠ᠃ ᠶᠡᠷᠦᠩᠬᠡᠶᠢᠯᠡᠭᠴᠢ ᠬ∙ᠪᠠᠲᠤᠲᠤᠯᠭ᠎ᠠ ᠠᠬᠠᠮᠠᠳ ᠤᠳ ᠲᠠᠢ ᠵᠣᠯᠭᠠᠭᠰᠠᠨ ᠤ ᠳᠠᠷᠠᠭ᠎ᠠ ᠲᠥᠷᠥ ᠶᠢᠨ ᠣᠷᠳᠣᠨ ᠤ ᠶᠢᠰᠦᠨ ᠬᠦᠬᠦᠯᠲᠦ ᠴᠠᠭᠠᠨ ᠲᠤᠭᠲᠤ ᠲᠠᠩᠬᠢᠮ ᠳᠤ ᠳᠤᠷᠠᠰᠬᠠᠯ ᠤᠨ ᠵᠢᠷᠤᠭ ᠲᠠᠲᠠᠭᠤᠯᠵᠤ᠂ ᠭᠠᠷ ᠤᠨ ᠪᠡᠯᠡᠭ ᠢᠶᠡᠨ ᠭᠠᠷᠳᠠᠭᠤᠯᠪᠠ᠃
ᠲᠥᠷᠥ ᠶᠢᠨ ᠵᠤᠯᠭᠠᠯᠲᠠ  ᠳᠤ ᠳᠣᠷᠣᠨᠠᠲᠤ ᠠᠶᠢᠮᠠᠭ ᠤᠨ ᠪᠠᠶᠠᠨ-ᠠᠭᠤᠯᠠ ᠰᠤᠮᠤ ᠶᠢᠨ 98 ᠨᠠᠰᠤᠲᠠᠢ ᠲᠣᠭᠲᠠᠬᠤ ᠶᠢᠨ ᠰᠸᠮᠵᠢᠳᠬᠤᠷᠯᠤ᠂ ᠥᠪᠦᠷᠬᠠᠩᠭᠠᠢ ᠠᠶᠢᠮᠠᠭ ᠤᠨ ᠰᠠᠩᠲᠤ ᠰᠤᠮᠤ ᠶᠢᠨ 94 ᠨᠠᠰᠤᠲᠠᠢ ᠰᠡᠷᠡᠩᠬᠠᠨᠳᠠ ᠶᠢᠨ ᠠᠳ᠋ᠢᠶ᠎ᠠ᠂ ᠪᠤᠯᠠᠭᠠᠨ ᠠᠶᠢᠮᠠᠭ ᠤᠨ ᠲᠡᠰᠢᠭ ᠰᠤᠮᠤ ᠶᠢᠨ 90 ᠨᠠᠰᠤᠲᠠᠢ ᠵᠤᠨᠳᠤᠢ ᠶᠢᠨ ᠳᠠᠰᠢᠵᠡᠪᠡᠭ᠂ ᠬᠡᠨᠲᠡᠢ ᠠᠶᠢᠮᠠᠭ ᠤᠨ ᠴᠡᠩᠬᠡᠷ ᠮᠠᠨᠳᠤᠯ ᠰᠤᠮᠤ ᠶᠢᠨ 90 ᠨᠠᠰᠤᠲᠠᠢ  ᠨᠠᠶᠢᠳᠠᠨ ᠤ ᠲᠡᠮᠦᠷᠲᠤᠭᠤᠭ᠎ᠠ᠂ ᠬᠡᠨᠲᠡᠢ ᠠᠶᠢᠮᠠᠭ ᠤᠨ ᠵᠢᠷᠭᠠᠯᠲᠤᠬᠠᠨ ᠰᠤᠮᠤ ᠶᠢᠨ 90 ᠨᠠᠰᠤᠲᠠᠢ ᡀᠠᠮᠣ ᠶᠢᠨ ᠳᠤᠯᠮ᠎ᠠ᠂ ᠤᠪᠰᠤ ᠠᠶᠢᠮᠠᠭ ᠤᠨ ᠬᠢᠷᠭᠠᠰ ᠰᠤᠮᠤ ᠶᠢᠨ 85 ᠨᠠᠰᠤᠲᠠᠢ ᠫᠦᠷᠪᠦ ᠶᠢᠨ ᠳ᠋ᠤᠨᠵᠤᠤ᠂ ᠠᠷᠤᠬᠠᠩᠭᠠᠢ ᠠᠶᠢᠮᠠᠭ ᠤᠨ ᠵᠢᠷᠭᠠᠯᠠᠩᠲᠤ ᠰᠤᠮᠤ ᠶᠢᠨ 84 ᠨᠠᠰᠤᠲᠠᠢ ᠳᠠᠮᠪᠠᠳᠠᠷᠵᠢᠶ᠎ᠠ ᠶᠢᠨ ᠭᠠᠯᠰᠠᠩ᠂ ᠥᠪᠦᠷᠬᠠᠩᠭᠠᠢ ᠠᠶᠢᠮᠠᠭ ᠤᠨ ᠵᠡᠭᠦᠨ-ᠥᠯᠵᠡᠶᠢᠲᠦ ᠰᠤᠮᠤ ᠶᠢᠨ 80 ᠨᠠᠰᠤᠲᠠᠢ ᠰᠤᠰᠤᠷᠪᠤᠷᠮ᠎ᠠ ᠶᠢᠨ ᠴᠠᠩᠴᠠᠯ᠂ ᠳᠤᠮᠳᠠᠭᠤᠪᠢ ᠠᠶᠢᠮᠠᠭ ᠤᠨ ᠰᠠᠶᠢᠨᠴᠠᠭᠠᠨ ᠰᠤᠮᠤ ᠶᠢᠨ 80 ᠨᠠᠰᠤᠲᠠᠢ ᠳᠣᠷᠵᠢ ᠶᠢᠨ ᠴᠡᠭᠮᠢᠳ ᠤᠷᠤᠯᠴᠠᠯ᠎ᠠ ᠃

ᠰᠡᠳᠬᠢᠭᠳᠡᠯ ᠦᠯᠡᠳᠡᠭᠡᠬᠦ