ᠥᠩᠭᠡᠷᠡᠭᠰᠡᠨ ᠰᠠᠷ᠎ᠠ ᠶᠢᠨ ᠢᠮᠹᠯᠢᠶᠠᠼ ᠤᠨ ᠲᠠᠶᠢᠯᠤᠨ ᠢ ᠲᠥᠪ ᠪᠠᠩᠬᠢᠨ ᠠᠴᠠ ᠭᠠᠷᠭᠠᠵᠤ᠂ ᠨᠡᠭᠡᠭᠡᠯᠲᠡ ᠲᠡᠢ ᠰᠣᠨᠣᠰᠬᠠᠯ ᠬᠢᠪᠡ᠃ ᠡᠨᠡ ᠦᠶ᠎ᠡ ᠪᠡᠷ ᠣᠯᠠᠨ ᠤᠯᠤᠰ ᠤᠨ ᠲᠤᠷᠰᠢᠯᠭ᠎ᠠ ᠳᠤ ᠲᠤᠯᠭᠠᠭᠤᠷᠢᠯᠠᠨ ᠢᠷᠭᠡᠳ᠂ ᠠᠵᠤ ᠠᠬᠤᠢ ᠶᠢᠨ ᠨᠢᠭᠡᠴᠢ ᠪᠣᠯᠤᠨ ᠰᠢᠨᠵᠢᠭᠡᠴᠢᠳ ᠦᠨ ᠢᠮᠹᠯᠢᠶᠠᠼ ᠤᠨ ᠬᠦᠯᠢᠶᠡᠯᠲᠡ ᠶᠢ ᠲᠣᠭᠠᠴᠠᠭᠠᠯᠠᠭᠰᠠᠨ ᠢᠶᠠᠨ ᠲᠠᠨᠢᠯᠴᠠᠭᠤᠯᠪᠠ᠃ ᠢᠩᠭᠢᠬᠦ ᠳᠦ ᠢᠷᠭᠡᠳ ᠢᠮᠹᠯᠢᠶᠠᠼ ᠢ ᠡᠨᠡ ᠣᠨ ᠤ ᠡᠴᠦᠰ ᠲᠦ 8.2᠂ ᠠᠵᠤ ᠠᠬᠤᠢ ᠶᠢᠨ ᠨᠢᠭᠡᠴᠢ 5.1᠂ ᠰᠢᠨᠵᠢᠭᠡᠴᠢᠳ 7.8 ᠬᠤᠪᠢ ᠲᠠᠢ ᠪᠠᠶᠢᠬᠤ ᠪᠠᠷ ᠬᠦᠯᠢᠶᠡᠯᠲᠡ ᠲᠡᠢ ᠪᠠᠶᠢᠭ᠎ᠠ ᠠᠵᠠᠢ᠃ ᠥᠨᠥᠳᠥᠷ ᠦᠨ ᠪᠠᠶᠢᠳᠠᠯ ᠢᠶᠠᠷ ᠢᠮᠹᠯᠢᠶᠠᠼ ᠤᠯᠤᠰ ᠤᠨ ᠬᠡᠮᠵᠢᠶᠡᠨ ᠳᠦ 8.1᠂ ᠤᠯᠠᠭᠠᠨᠪᠠᠭᠠᠲᠤᠷ ᠲᠤ 9.7 ᠬᠤᠪᠢ ᠳᠤ ᠬᠦᠷᠦᠭᠡᠳ ᠪᠠᠶᠢᠨ᠎ᠠ᠃ ᠣᠨ ᠤ ᠡᠮᠦᠨ᠎ᠡ ᠨᠡᠶᠢᠰᠯᠡᠯ ᠳᠦ 9.3 ᠬᠤᠪᠢ ᠲᠠᠢ ᠪᠠᠶᠢᠭᠰᠠᠨ ᠢᠮᠹᠯᠢᠶᠠᠼ ᠰᠠᠷ᠎ᠠ ᠰᠢᠨ᠎ᠡ ᠲᠠᠢ ᠬᠣᠯᠪᠣᠭᠳᠠᠭᠤᠯᠤᠨ ᠪᠠᠭ᠎ᠠ ᠵᠡᠷᠭᠡ ᠥᠰᠴᠠᠢ᠃
ᠰᠡᠭᠦᠯ ᠦᠨ ᠬᠣᠶᠠᠷ ᠰᠠᠷ᠎ᠠ ᠳᠤ ᠢᠮᠹᠯᠢᠶᠠᠼ ᠡᠷᠢᠯᠲᠡ ᠡᠴᠡ ᠰᠢᠯᠲᠠᠭᠠᠯᠠᠨ ᠣᠭᠴᠣᠮ ᠥᠰᠦᠭᠰᠡᠨ ᠲᠤᠬᠠᠢ ᠲᠥᠪ ᠪᠠᠩᠬᠢᠨ ᠠᠴᠠ ᠮᠡᠳᠡᠭᠡᠯᠡᠵᠦ ᠪᠠᠶᠢᠪᠠ᠃ ᠲᠤᠬᠠᠶᠢᠯᠠᠪᠠᠯ᠂ ᠢᠷᠡᠬᠦ ᠬᠠᠪᠤᠷ ᠨᠡᠶᠢᠰᠯᠡᠯ ᠳᠤ ᠨᠡᠭᠦᠷᠡᠰᠦ ᠣᠷᠣᠭᠤᠯᠬᠤ ᠶᠢ ᠬᠣᠷᠢᠭᠯᠠᠭᠰᠠᠨ ᠠᠴᠠ ᠡᠭᠦᠳᠦᠨ ᠲᠦᠯᠡᠭᠡᠨ ᠦ ᠦᠨ᠎ᠡ ᠥᠰᠬᠦ᠂ ᠮᠥᠨ ᠡᠪᠦᠯ ᠦᠨ ᠤᠯᠠᠷᠢᠯ ᠳᠦ ᠢᠷᠭᠡᠳ ᠢᠳᠡᠰᠢ ᠪᠡᠨ ᠪᠡᠯᠡᠳᠳᠡᠭ ᠲᠤᠯᠠ ᠮᠢᠬᠠᠨ ᠤ ᠦᠨ᠎ᠡ ᠨᠡᠮᠡᠭᠳᠡᠬᠦ ᠵᠡᠷᠭᠡ ᠡᠴᠡ ᠰᠢᠯᠲᠠᠭᠠᠯᠠᠨ ᠮᠢᠬᠠᠨ ᠤ ᠦᠨ᠎ᠡ ᠥᠰᠦᠭᠰᠡᠨ ᠲᠡᠢ ᠬᠣᠯᠪᠣᠨ ᠲᠠᠶᠢᠯᠪᠤᠷᠢᠯᠠᠭᠰᠠᠨ ᠶᠤᠮ᠃ ᠲᠡᠭᠡᠪᠡᠯ ᠡᠨᠡ ᠣᠨ ᠳᠤ ᠠᠽᠢᠶ᠎ᠠ ᠶᠢᠨ ᠬᠥᠭᠵᠢᠯ ᠦᠨ ᠪᠠᠩᠭᠢ ᠠᠴᠠ ᠳᠤᠲᠤᠭᠠᠳᠤ ᠶᠢᠨ ᠨᠠᠶᠢᠲᠡ ᠪᠦᠲᠦᠭᠡᠭᠳᠡᠬᠦᠨ ᠣ ᠥᠰᠦᠯᠲᠡ ᠶᠢ 4.3 ᠬᠤᠪᠢ ᠪᠣᠯᠵᠤ᠂ ᠢᠮᠹᠯᠢᠶᠠᠼ ᠤᠯᠤᠰ ᠤᠨ ᠬᠡᠮᠵᠢᠶᠡᠨ ᠳᠦ ᠳᠣᠯᠣᠭᠠᠨ ᠬᠤᠪᠢ ᠪᠠᠶᠢᠨ᠎ᠠ ᠭᠡᠵᠦ ᠲᠠᠭᠠᠮᠠᠭᠯᠠᠭᠰᠠᠨ ᠶᠤᠮ᠃ ᠬᠠᠷᠢᠨ ᠣᠯᠠᠨ ᠤᠯᠤᠰ ᠤᠨ ᠸᠠᠯᠢᠶᠤᠲ ᠤᠨ ᠰᠠᠩ ᠤᠨ ᠳᠡᠯᠡᠬᠡᠢ ᠶᠢᠨ ᠡᠳ᠋ ᠍ ᠦᠨ ᠵᠠᠰᠠᠭ ᠤᠨ ᠲᠥᠯᠥᠪ ᠪᠠᠶᠢᠳᠠᠯ ᠤᠨ ᠲᠠᠶᠢᠯᠤᠨ ᠳᠤ ᠢᠮᠹᠯᠢᠶᠠᠼ ᠢ 6.8 ᠬᠤᠪᠢ ᠪᠠᠶᠢᠬᠤ ᠪᠠᠷ ᠲᠠᠭᠠᠮᠠᠭᠯᠠᠭᠰᠠᠨ ᠪᠣᠯ ᠮᠣᠩᠭᠣᠯ ᠪᠠᠩᠬᠢ ᠨᠠᠢᠮᠠᠨ ᠬᠤᠪᠢ ᠳᠤ ᠪᠠᠷᠢᠬᠤ ᠪᠠᠷ ᠪᠣᠯᠤᠭᠰᠠᠨ᠃