ᠬᠥᠪᠰᠥᠭᠥᠯ ᠠᠶᠢᠮᠠᠭ ᠲᠤ ᠡᠪᠦᠯ ᠦᠨ ᠠᠶᠠᠯᠠᠯ ᠵᠢᠭᠤᠯᠴᠢᠯᠠᠯ ᠢ ᠬᠥᠭᠵᠢᠭᠦᠯᠬᠦ ᠵᠣᠷᠢᠯᠭ᠎ᠠ ᠪᠠᠷ ᠵᠢᠯ ᠪᠦᠷᠢ ᠵᠣᠬᠢᠶᠠᠨ ᠪᠠᠶᠢᠭᠤᠯᠳᠠᠭ ᠮᠥᠰᠦᠨ ᠦ ᠪᠠᠶᠠᠷ ᠢᠷᠡᠬᠦ 3 ᠰᠠᠷ᠎ᠠ ᠶᠢᠨ 2-4 ᠍ ᠳᠦ ᠬᠠᠳᠬᠠᠯ ᠲᠣᠰᠬᠣᠨ ᠤ ᠬᠦᠢ ᠲᠣᠯᠣᠭᠠᠢ ᠳᠤ ᠪᠣᠯᠤᠨ᠎ᠠ᠃ ᠡᠨᠡ ᠵᠢᠯ ᠮᠥᠰᠦᠨ ᠦ ᠪᠠᠶᠠᠷ ᠢ 20 ᠳ᠋ᠡᠬᠢ ᠵᠢᠯ ᠳᠦ ᠪᠡᠨ ᠵᠣᠬᠢᠶᠠᠨ ᠪᠠᠶᠢᠭᠤᠯᠬᠤ ᠪᠥᠭᠡᠳ ᠢᠷᠭᠡᠳ ᠦᠨ ᠠᠶᠤᠯ ᠦᠭᠡᠢ ᠪᠠᠶᠢᠳᠠᠯ ᠢ ᠬᠠᠩᠭᠠᠬᠤ᠂ ᠬᠥᠪᠰᠥᠭᠥᠯ ᠨᠠᠭᠤᠷ ᠪᠤᠬᠢᠷᠳᠤᠬᠤ ᠠᠴᠠ ᠰᠡᠷᠭᠡᠶᠢᠯᠡᠬᠦ ᠵᠣᠷᠢᠯᠭ᠎ᠠ ᠪᠠᠷ ᠠᠦ᠋ᠲ᠋ᠤ᠋ ᠮᠠᠰᠢᠨ ᠲᠧᠭᠨᠢᠭ ᠢ ᠬᠠᠭᠤᠷᠠᠢ ᠭᠠᠵᠠᠷ ᠲᠤ ᠲᠠᠯᠪᠢᠭᠤᠯᠵᠤ ᠮᠥᠰᠦᠨ ᠳᠡᠭᠡᠷ᠎ᠡ ᠵᠥᠪᠬᠡᠨ ᠶᠠᠪᠠᠭᠠᠨ ᠬᠦᠮᠦᠨ᠂ ᠮᠣᠷᠢᠨ ᠴᠢᠷᠭ᠎ᠠ ᠭᠠᠷᠭᠠᠬᠤ ᠭᠡᠨ᠎ᠡ ᠃ ︽ᠬᠥᠬᠡ ᠰᠤᠪᠤᠳ-2019︾ ᠮᠥᠰᠦᠨ ᠦ ᠪᠠᠶᠠᠷ ᠤᠨ ᠦᠶ᠎ᠡ ᠪᠡᠷ ᠭᠠᠳᠠᠭᠠᠳᠤ ᠳᠣᠲᠣᠭᠠᠳᠤ ᠶᠢᠨ ᠵᠢᠭᠤᠯᠴᠢᠳ ᠲᠤ ᠵᠣᠷᠢᠭᠤᠯᠤᠭᠰᠠᠨ ᠤᠷᠤᠯᠳᠤᠭᠠᠨ ᠲᠡᠮᠡᠴᠡᠭᠡᠨ ᠪᠣᠯᠬᠤ ᠣᠯᠠᠨ ᠰᠢᠨᠡᠯᠢᠭ ᠠᠷᠭ᠎ᠠ ᠬᠡᠮᠵᠢᠶ᠎ᠡ ᠨᠦᠭᠦᠳ ᠢ ᠵᠣᠬᠢᠶᠠᠨ ᠪᠠᠶᠢᠭᠤᠯᠤᠨ᠎ᠠ᠃ ᠲᠤᠬᠠᠶᠢᠯᠠᠪᠠᠯ ᠮᠥᠰᠦᠨ ᠱᠠᠭ᠎ᠠ ᠶᠢᠨ ᠲᠡᠮᠡᠴᠡᠭᠡᠨ᠂ ᠤᠨᠤᠳᠠᠭ ᠳᠤᠭᠤᠢ᠂ ᠲᠡᠰᠢᠭᠦᠷ ᠦᠨ ᠲᠡᠮᠡᠴᠡᠭᠡᠨ᠂ ᠮᠤᠲ᠋ᠤ᠋ ᠰᠫᠣᠷᠲ ᠤᠨ ᠦᠵᠡᠭᠦᠯᠬᠦ ᠲᠣᠭᠯᠠᠯᠲᠠ᠂ ᠨᠣᠬᠠᠢ ᠴᠢᠷᠭᠠᠨ ᠤ ᠤᠷᠤᠯᠳᠤᠭᠠᠨ᠂ ᠮᠥᠰᠦᠨ ᠳᠡᠭᠡᠷᠡᠬᠢ ᠣᠯᠣᠰᠣ ᠲᠠᠲᠠᠯᠲᠠ᠂ ᠪᠤᠤᠬᠢᠶ᠎ᠠ ᠲᠡᠮᠡᠴᠡᠭᠡᠨ᠂ ︽ᠠᠪᠤ ᠡᠵᠢ ᠪᠢ︾ ᠲᠡᠮᠡᠴᠡᠭᠡᠨ᠂ ᠲᠠᠬ᠎ᠠ ᠲᠠᠢ ᠬᠠᠲᠠᠷᠢᠶ᠎ᠠ ᠮᠣᠷᠢᠳ ᠤᠨ ᠤᠷᠤᠯᠳᠤᠭᠠᠨ᠂ ᠠᠶᠢᠮᠠᠭ ᠤᠨ ᠬᠥᠭᠵᠢᠮᠲᠦ ᠳ᠋ᠷᠠᠮ ᠤᠨ ᠲᠢᠶᠠᠲ᠋ᠷ ᠤᠨ ᠤᠷᠠᠨ ᠪᠦᠲᠦᠭᠡᠯᠴᠢᠳ ᠦᠨ ᠤᠷᠠᠯᠢᠭ ᠤᠨ ᠲᠣᠭᠯᠠᠯᠲᠠ᠂ ᠪᠥᠭᠡ ᠶᠢᠨ ᠲᠠᠬᠢᠯᠭ᠎ᠠ᠂ ᠵᠠᠩ ᠦᠢᠯᠡ ᠵᠡᠷᠭᠡ ᠪᠣᠯᠤᠨ᠎ᠠ᠃
ᠮᠥᠨ ᠠᠶᠢᠮᠠᠭ ᠤᠨ ᠪᠠᠶᠢᠭᠠᠯᠢ ᠣᠷᠴᠢᠨ ᠤ ᠰᠠᠯᠪᠤᠷᠢ ᠶᠢᠨ ᠪᠠᠶᠢᠭᠤᠯᠤᠯᠭ᠎ᠠ ᠨᠤᠭᠤᠳ ᠤᠨ ︽ᠬᠥᠪᠰᠥᠭᠥᠯ ᠳᠠᠯᠠᠢ︾ ᠮᠥᠰᠦᠨ ᠬᠣᠲᠠᠬᠠᠨ ᠢᠶᠠᠷ ᠵᠣᠴᠢᠯᠠᠬᠤ᠂ ︽ᠳᠠᠯᠠᠢ ᠡᠵᠢ ᠶᠢᠨ ᠡᠪᠦᠯ︾ ᠭᠡᠷᠡᠯ ᠵᠢᠷᠤᠭ ᠤᠨ ᠦᠵᠡᠰᠬᠦᠯᠡᠩ᠂ ᠵᠢᠭᠤᠯᠴᠢᠳ ᠲᠤ ᠵᠣᠷᠢᠭᠤᠯᠤᠭᠰᠠᠨ Competition for tourists ᠬᠥᠭᠵᠢᠶᠡᠨᠲᠦ ᠲᠡᠮᠡᠴᠡᠭᠡᠨ᠂ ᠬᠣᠭᠣᠯᠠᠨ ᠤ ᠱᠤᠸᠤ᠋᠂ ᠮᠥᠰᠦᠨ ᠳᠡᠭᠡᠷ᠎ᠡ ᠳᠠᠮᠤᠷ ᠲᠦᠯᠬᠢᠬᠦ ᠲᠡᠮᠡᠴᠡᠭᠡᠨ᠂ ᠦᠨᠳᠦᠰᠦᠨ ᠦ ᠬᠤᠪᠴᠠᠰᠤᠨ ᠤ ᠵᠠᠭᠪᠤᠷ ᠤᠨ ᠦᠵᠡᠭᠦᠯᠪᠦᠷᠢ᠂ ᠭᠠᠳᠠᠭᠠᠳᠤ ᠳᠣᠲᠣᠭᠠᠳᠤ ᠶᠢᠨ ᠵᠢᠭᠤᠯᠴᠢᠳ ᠤᠨ ︽ᠮᠣᠩᠭᠣᠯ 100︾ ᠮᠥᠰᠦᠨ ᠳᠡᠭᠡᠷᠡᠬᠢ 5000 ᠮᠧᠲ᠋ᠷ ᠦᠨ ᠨᠥᠬᠥᠷᠰᠡᠭ ᠮᠠᠷᠠᠹᠣᠨ᠂ ᠴᠢᠷᠭ᠎ᠠ ᠲᠠᠢ ᠤᠷᠤᠯᠳᠤᠭᠠᠨ ᠵᠡᠷᠭᠡ ᠣᠯᠠᠨ ᠠᠷᠭ᠎ᠠ ᠬᠡᠮᠵᠢᠶ᠎ᠡ ᠵᠣᠬᠢᠶᠠᠨ ᠪᠠᠶᠢᠭᠤᠯᠤᠭᠳᠠᠨ᠎ᠠ᠃