ᠪᠠᠶᠠᠨᠮᠦ᠋ᠩᠬᠡ ᠴᠠᠰᠤᠨ ᠪᠠᠷᠢᠮᠠᠯ ᠢᠶᠠᠷ ᠢᠶᠠᠨ 16᠍ ᠳᠦ ᠰᠢᠯᠭᠠᠷᠠᠵᠠᠢ | News.MN

ᠪᠠᠶᠠᠨᠮᠦ᠋ᠩᠬᠡ ᠴᠠᠰᠤᠨ ᠪᠠᠷᠢᠮᠠᠯ ᠢᠶᠠᠷ ᠢᠶᠠᠨ 16᠍ ᠳᠦ ᠰᠢᠯᠭᠠᠷᠠᠵᠠᠢ

ᠤᠯᠠᠮᠵᠢᠯᠠᠯᠲᠤ ︽ᠴᠠᠰᠤᠨ ᠪᠠᠷᠢᠮᠠᠯ ᠤᠨ ᠣᠯᠠᠨ ᠤᠯᠤᠰ ᠤᠨ ᠲᠡᠮᠡᠴᠡᠭᠡᠨ︾ ᠨᠢᠭᠡᠳᠦᠭᠡᠷ ᠰᠠᠷ᠎ᠠ ᠶᠢᠨ 20-27 ᠍ ᠤ ᠡᠳᠦᠷ ᠦᠳ ᠲᠦ ᠠᠮᠧᠷᠢᠺᠠ ᠶᠢᠨ ᠺᠤᠯᠤᠷᠠᠳᠤ᠋ ᠮᠤᠵᠢ ᠳᠤ ᠪᠣᠯᠵᠤ᠂ ᠰᠢᠯᠢᠳᠡᠭ ᠦᠳ ᠢᠶᠡᠨ ᠲᠣᠳᠣᠷᠠᠭᠤᠯᠵᠠᠢ᠃ ᠳᠡᠯᠡᠬᠡᠢ ᠶᠢᠨ 100 ᠭᠠᠷᠤᠢ ᠤᠯᠤᠰ ᠤᠨ ᠤᠷᠠᠨ ᠪᠠᠷᠢᠮᠠᠯᠴᠢ ᠦᠷᠢᠰᠦᠯᠳᠦᠭᠰᠡᠨ ᠤᠭ ᠲᠡᠮᠡᠴᠡᠭᠡᠨ ᠳᠦ ᠮᠣᠩᠭᠣᠯ ᠤᠯᠤᠰ ᠢᠶᠠᠨ ᠲᠥᠯᠥᠭᠡᠯᠡᠨ ᠤᠷᠠᠨ ᠪᠠᠷᠢᠮᠠᠯᠴᠢ ᠼ∙ ᠪᠠᠶᠠᠨᠮᠦ᠋ᠩᠬᠡ ᠠᠬᠠᠯᠠᠭᠴᠢ ᠲᠠᠢ ᠳᠥᠷᠪᠡᠨ ᠤᠷᠠᠨ ᠪᠦᠲᠦᠭᠡᠯᠴᠢ ᠠᠮᠵᠢᠯᠲᠠᠲᠠᠢ ᠣᠷᠣᠯᠴᠠᠵᠤ᠂ ᠰᠢᠯᠢᠳᠡᠭ 16 ᠪᠠᠭ ᠤᠨ ᠨᠢᠭᠡ ᠪᠡᠷ ᠰᠢᠯᠭᠠᠷᠠᠵᠠᠢ᠃
ᠲᠡᠳᠡ ᠳᠣᠯᠣᠭ᠎ᠠ ᠳ᠋ᠡᠬᠢ ᠵᠢᠯ ᠳᠦ ᠪᠡᠨ ᠣᠷᠣᠯᠴᠠᠵᠤ ᠪᠠᠶᠢᠭ᠎ᠠ ᠪᠥᠭᠡᠳ ᠥᠩᠭᠡᠷᠡᠭᠰᠡᠨ ᠵᠢᠯ ᠨᠢᠭᠡᠳᠦᠭᠡᠷ ᠪᠠᠶᠢᠷᠢᠨ ᠳᠤ ᠰᠢᠯᠭᠠᠷᠠᠵᠤ᠂ Artist choise  ᠨᠤᠮᠢᠨᠠᠼ  ᠤᠨ ᠡᠵᠡᠳ ᠪᠣᠯᠵᠤ ᠪᠠᠶᠢᠪᠠ᠃ ᠤᠷᠠᠨ ᠪᠠᠷᠢᠮᠠᠯᠴᠢᠳ ᠡᠨᠡ ᠵᠢᠯ Discovery ᠬᠡᠮᠡᠬᠦ ᠴᠠᠰᠤᠨ ᠪᠠᠷᠢᠮᠠᠯ ᠢ ᠳᠥᠷᠪᠡᠨ ᠡᠳᠦᠷ ᠦᠨ ᠲᠤᠷᠰᠢ ᠤᠷᠠᠯᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ