ᠠᠷᠬᠢᠲ᠋ᠧᠺᠲ᠋ᠣᠷ  ᠤᠨ ᠡᠪᠯᠡᠯ ᠦᠨ 15 ᠳ᠋ᠤᠭᠠᠷ ᠬᠤᠷᠠᠯ ᠡᠬᠢᠯᠡᠯ᠎ᠡ | News.MN

ᠠᠷᠬᠢᠲ᠋ᠧᠺᠲ᠋ᠣᠷ  ᠤᠨ ᠡᠪᠯᠡᠯ ᠦᠨ 15 ᠳ᠋ᠤᠭᠠᠷ ᠬᠤᠷᠠᠯ ᠡᠬᠢᠯᠡᠯ᠎ᠡ

ᠮᠣᠩᠭᠣᠯ ᠤᠨ ᠠᠷᠬᠢᠲ᠋ᠧᠺᠲ᠋ᠣᠷ ᠤᠳ ᠤᠨ ᠡᠪᠯᠡᠯ ᠦᠨ 15 ᠳᠦᠭᠡᠷ ᠶᠡᠬᠡ ᠬᠤᠷᠠᠯ 10᠄00 ᠴᠠᠭ ᠲᠤ ᠥᠪᠡᠷ ᠦᠨ ᠪᠠᠶᠢᠷᠢᠨ ᠳᠤ ᠡᠬᠢᠯᠡᠯ᠎ᠡ᠃ ᠮᠣᠩᠭᠣᠯ ᠤᠨ ᠠᠷᠬᠢᠲ᠋ᠧᠺᠲ᠋ᠣᠷ ᠤᠳ ᠤᠨ ᠡᠪᠯᠡᠯ ᠦᠨ ᠤᠳᠤᠷᠢᠳᠬᠤ ᠵᠥᠪᠯᠡᠯ 2019.01.17 ᠍ ᠤ ᠡᠳᠦᠷ ᠬᠤᠷᠠᠯᠳᠤᠵᠤ ᠵᠠᠷᠢᠮ ᠭᠡᠰᠢᠭᠦᠳ ᠡᠴᠡ ᠢᠷᠡᠭᠦᠯᠦᠭᠰᠡᠨ ᠱᠠᠭᠠᠷᠳᠠᠯᠭ᠎ᠠ ᠶᠢ ᠠᠪᠴᠤ ᠬᠡᠯᠡᠯᠴᠡᠨ᠂ ᠡᠭᠡᠯᠵᠢᠲᠦ 15 ᠳᠦᠭᠡᠷ ᠶᠡᠬᠡ ᠬᠤᠷᠠᠯ ᠢᠶᠠᠨ ᠬᠢᠬᠦ ᠪᠣᠯᠵᠠᠢ᠃ ᠡᠨᠡ ᠤᠳᠠᠭ᠎ᠠ ᠶᠢᠨ ᠬᠤᠷᠠᠯ ᠢᠶᠠᠷ ᠮᠣᠩᠭᠣᠯ ᠤᠨ ᠠᠷᠬᠢᠲ᠋ᠧᠺᠲ᠋ᠣᠷ ᠤᠳ ᠡᠪᠯᠡᠯ ᠦᠨ ᠢᠶᠡᠨ ᠰᠢᠨ᠎ᠡ ᠶᠡᠷᠦᠩᠬᠡᠶᠢᠯᠡᠭᠴᠢ ᠶᠢ ᠰᠤᠩᠭᠤᠬᠤ ᠶᠤᠮ᠃ ᠣᠳᠣ ᠲᠤᠰ ᠪᠠᠶᠢᠭᠤᠯᠤᠯᠭ᠎ᠠ ᠶᠢᠨ ᠶᠡᠷᠦᠩᠬᠡᠶᠢᠯᠡᠭᠴᠢ ᠪᠡᠷ ᠡ᠊∙ᠬᠦᠷᠡᠯᠪᠠᠭᠠᠲᠤᠷ ᠠᠵᠢᠯᠯᠠᠵᠤ ᠪᠠᠶᠢᠨ᠎ᠠ᠃ ᠮᠣᠩᠭᠣᠯ ᠤᠨ ᠠᠷᠬᠢᠲ᠋ᠧᠲ᠋ᠣᠷ ᠤᠳ ᠤᠨ ᠡᠪᠯᠡᠯ ᠢ ᠠᠩᠬ᠎ᠠ ᠪᠦᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠤᠨ ᠰᠠᠶᠢᠳ ᠨᠠᠷ ᠤᠨ ᠵᠥᠪᠯᠡᠯ ᠦᠨ 1956 ᠣᠨ ᠤ 545 ᠳ᠋ᠤᠭᠠᠷ ᠲᠣᠭᠲᠠᠭᠠᠯ ᠢᠶᠠᠷ ᠪᠠᠶᠢᠭᠤᠯᠤᠭᠰᠠᠨ᠃ ᠡᠨᠡ ᠵᠢᠯ 63 ᠵᠢᠯ ᠦᠨ ᠣᠢ ᠨᠢ ᠲᠣᠬᠢᠶᠠᠵᠤ ᠪᠠᠶᠢᠭ᠎ᠠ ᠠᠵᠠᠢ᠃

ᠰᠡᠳᠬᠢᠭᠳᠡᠯ ᠦᠯᠡᠳᠡᠭᠡᠬᠦ