ᠬᠡᠦᠬᠡᠳ ᠲᠦ H1N1 ᠸᠢᠷᠦ᠋ᠰ ᠬᠠᠯᠳᠠᠪᠤᠷᠢᠯᠠᠭ᠎ᠠ ᠦᠭᠡᠢ | News.MN

ᠬᠡᠦᠬᠡᠳ ᠲᠦ H1N1 ᠸᠢᠷᠦ᠋ᠰ ᠬᠠᠯᠳᠠᠪᠤᠷᠢᠯᠠᠭ᠎ᠠ ᠦᠭᠡᠢ

ᠥᠨᠥᠳᠥᠷ ︵01.29︶ ᠦᠨ ᠴᠢᠭᠤᠯᠭᠠᠨ ᠤ ᠦᠶ᠎ᠡ ᠪᠡᠷ ᠤᠯᠤᠰ ᠤᠨ ᠶᠡᠬᠡ ᠬᠤᠷᠠᠯ ᠶᠢᠨ ᠭᠡᠰᠢᠭᠦᠨ ᠶᠣ᠊∙ ᠪᠠᠭᠠᠲᠤᠷᠪᠢᠯᠢᠭ᠌ ᠡᠷᠡᠭᠦᠯ ᠮᠡᠨᠳᠦ ᠶᠢᠨ ᠰᠠᠯᠪᠤᠷᠢ ᠳᠤ ᠲᠣᠮᠣᠭᠣ ᠶᠢᠨ ᠳᠡᠭᠳᠡᠯᠲᠡ ᠶᠡᠬᠡ ᠪᠠᠶᠢᠭ᠎ᠠ ᠲᠠᠯ᠎ᠠ ᠪᠠᠷ ᠦᠭᠡ ᠬᠡᠯᠡᠭᠰᠡᠨ ᠦ ᠳᠠᠷᠠᠭ᠎ᠠ ᠡᠷᠡᠭᠦᠯ ᠮᠡᠨᠳᠦ ᠦᠨ ᠰᠠᠶᠢᠳ ᠳ∙ᠰᠠᠷᠠᠨᠭᠡᠷᠡᠯ ᠦᠭᠡ ᠬᠡᠯᠡᠵᠦ᠂ ᠮᠡᠳᠡᠭᠡᠯᠡᠯ ᠥᠭᠭᠦᠯ᠎ᠡ᠃
ᠲᠡᠷᠡ ᠪᠡᠷ᠄ ᠣᠳᠣ ᠶᠢᠨ ᠪᠠᠶᠢᠳᠠᠯ ᠢᠶᠠᠷ H1N1 ᠸᠢᠷᠦ᠋ᠰ ᠦᠨ ᠤᠯᠠᠮ ᠠᠴᠠ ᠨᠢᠭᠡ ᠴᠤ ᠬᠡᠦᠬᠡᠳ  ᠡᠨᠳᠡᠭᠰᠡᠨ ᠦᠭᠡᠢ᠃ 2017᠂ 2018 ᠣᠨ ᠳᠤ ᠬᠠᠳᠬᠤᠯᠭᠠᠨ ᠤ ᠡᠰᠡᠷᠭᠦ ᠸᠠᠺᠼᠢᠨ ᠬᠢᠭᠰᠡᠨ ᠨᠢ ᠦᠷ᠎ᠡ  ᠳ᠋ᠦᠩ ᠢᠶᠡᠨ ᠥᠭᠴᠦ ᠪᠠᠶᠢᠨ᠎ᠠ ᠭᠡᠵᠦ ᠪᠤᠳᠤᠵᠤ ᠪᠠᠶᠢᠭ᠎ᠠ᠃ ᠪᠢ ᠥᠨᠥᠳᠥᠷ 20᠂ 30 ᠵᠢᠯ ᠤᠯᠤᠰ ᠤᠨ ᠶᠡᠬᠡ ᠬᠤᠷᠠᠯ ᠳᠦ ᠠᠵᠢᠯᠯᠠᠵᠤ ᠪᠠᠶᠢᠭ᠎ᠠ ᠭᠡᠵᠦ ᠭᠠᠶᠢᠬᠠᠭᠤᠯᠤᠨ ᠶᠠᠷᠢᠳᠠᠭ ᠬᠦᠮᠦᠰ ᠲᠦ ᠬᠠᠨᠳᠤᠵᠤ ᠨᠢᠭᠡ ᠦᠭᠡ ᠬᠡᠯᠡᠮᠡᠷ ᠪᠠᠶᠢᠨ᠎ᠠ᠃ ᠲᠠ ᠪᠦᠬᠦᠨ ᠲᠡᠷᠡ 20᠂ 30 ᠵᠢᠯ ᠳᠦ ᠪᠡᠨ ᠰᠠᠶᠢᠵᠢᠷᠠᠭᠤᠯᠤᠭᠰᠠᠨ ᠲᠦᠯᠡᠰᠢᠨ ᠦ ᠦᠢᠯᠡᠳᠪᠦᠷᠢ ᠪᠡᠨ ᠪᠠᠷᠢᠬᠤ ᠦᠭᠡᠢ ᠶᠠᠭᠠᠬᠢᠭᠰᠠᠨ ᠶᠤᠮ ᠪᠤᠢ᠂ ᠠᠭᠠᠷ ᠤᠨ ᠪᠤᠬᠢᠷᠳᠤᠯ ᠢᠶᠠᠨ ᠪᠠᠭᠤᠷᠠᠭᠤᠯᠬᠤ ᠳᠤ ᠵᠠᠷᠤᠴᠠᠭᠤᠯᠤᠭᠰᠠᠨ ᠮᠥᠩᠭᠥ ᠪᠡᠨ ᠶᠠᠭᠠᠬᠢᠭᠰᠠᠨ ᠶᠤᠮ ᠪᠤᠢ᠂ ᠬᠡᠦᠬᠡᠳ ᠦᠳ ᠲᠡᠭᠡᠨ ᠬᠠᠩᠭᠠᠯᠲᠠᠲᠠᠢ ᠣᠷᠣ ᠲᠠᠢ ᠡᠮᠨᠡᠯᠭᠡ  ᠪᠠᠷᠢᠴᠢᠬᠠᠬᠤ ᠦᠭᠡᠢ ᠳ᠋ᠡ᠃ ᠡᠷᠡᠭᠦᠯ ᠮᠡᠨᠳᠦ ᠶᠢᠨ ᠰᠠᠯᠪᠤᠷᠢ ᠶᠢᠨ ᠠᠵᠢᠯᠲᠠᠨ ᠨᠠᠷ ᠡᠳᠦᠷ ᠰᠦᠨᠢ ᠦᠭᠡᠢ ᠠᠵᠢᠯᠯᠠᠵᠤ ᠪᠠᠶᠢᠵᠤ ᠂ ᠲᠣᠮᠣᠭᠣ ᠶᠢᠨ ᠳᠡᠭᠳᠡᠯᠲᠡ ᠶᠢ ᠴᠤᠷᠮᠠᠨ ᠳᠤ ᠣᠷᠣᠭᠤᠯᠤᠭᠠᠳ ᠪᠠᠶᠢᠨ᠎ᠠ ᠃ ᠡᠨᠡ ᠰᠠᠯᠪᠤᠷᠢ ᠶᠢᠨ ᠬᠢᠨ ᠤ ᠬᠥᠳᠡᠯᠮᠦᠷᠢ ᠵᠢᠳᠬᠦᠯ ᠢ ᠳᠣᠷᠣᠮᠵᠢᠯᠠᠭᠰᠠᠨ ᠶᠣ᠊∙ᠪᠠᠭᠠᠲᠤᠷᠪᠢᠯᠢᠭ᠌ ᠭᠡᠰᠢᠭᠦᠨ ᠠᠭᠤᠴᠢᠯᠠᠯ ᠭᠤᠶᠤᠬᠤ ᠶᠣᠰᠣᠲᠠᠢ᠃ ᠥᠨᠥᠳᠥᠷ ᠦᠨ ᠪᠠᠶᠢᠳᠠᠯ ᠢᠶᠠᠷ H1N1 ᠸᠢᠷᠦ᠋ᠰ ᠦᠨ ᠤᠯᠠᠮ ᠠᠴᠠ ᠤᠯᠤᠰ ᠤᠨ ᠬᠡᠮᠵᠢᠶᠡᠨ ᠳᠦ ᠨᠠᠰᠤᠨ ᠳᠤ ᠬᠦᠷᠦᠭᠰᠡᠨ ᠳᠣᠯᠣᠭᠠᠨ ᠬᠦᠮᠦᠨ ᠨᠠᠰᠤ  ᠪᠠᠷᠠᠭᠰᠠᠨ᠂ ᠤᠯᠠᠭᠠᠨᠪᠠᠭᠠᠲᠤᠷ ᠲᠤ ᠳᠥᠷᠪᠡ᠂ ᠡᠮᠦᠨᠡᠭᠣᠪᠢ᠂ ᠭᠣᠪᠢ-ᠠᠯᠲᠠᠢ᠂ ᠳᠣᠷᠣᠨᠠᠭᠣᠪᠢ ᠠᠶᠢᠮᠠᠭ ᠲᠤ ᠲᠤᠰ ᠪᠦᠷᠢ ᠨᠢᠭᠡ ᠢᠷᠭᠡᠨ ᠲᠣᠮᠣᠭᠣ ᠶᠢᠨ ᠸᠢᠷᠦ᠋ᠰ ᠦᠨ ᠬᠠᠯᠳᠠᠪᠤᠷᠢ ᠠᠪᠴᠤ ᠨᠠᠰᠤ ᠪᠠᠷᠠᠭᠰᠠᠨ ᠭᠡᠯ᠎ᠡ᠃

ᠰᠡᠳᠬᠢᠭᠳᠡᠯ ᠦᠯᠡᠳᠡᠭᠡᠬᠦ