ᠪᠤᠤᠵᠠᠨ ᠤ ᠮᠢᠬ᠎ᠠ ᠬᠤᠯᠠᠭᠠᠶᠢᠯᠠᠭᠰᠠᠨ ᠢ ᠢᠯᠡᠷᠡᠭᠦᠯᠵᠡᠢ | News.MN

ᠪᠤᠤᠵᠠᠨ ᠤ ᠮᠢᠬ᠎ᠠ ᠬᠤᠯᠠᠭᠠᠶᠢᠯᠠᠭᠰᠠᠨ ᠢ ᠢᠯᠡᠷᠡᠭᠦᠯᠵᠡᠢ

ᠰᠠᠷ᠎ᠠ ᠰᠢᠨ᠎ᠡ ᠶᠢᠨ ᠪᠠᠶᠠᠷ ᠪᠣᠯᠬᠤ ᠭᠡᠵᠦ ᠪᠠᠶᠢᠭ᠎ᠠ ᠲᠠᠢ ᠬᠣᠯᠪᠣᠭᠳᠠᠭᠤᠯᠤᠨ ᠬᠤᠯᠠᠭᠠᠢ ᠶᠢᠨ ᠭᠡᠮᠲᠦ ᠬᠡᠷᠡᠭ ᠦᠨ ᠭᠠᠷᠤᠯᠲᠠ ᠡᠷᠡᠰ ᠨᠡᠮᠡᠭᠳᠡᠭᠰᠡᠨ ᠲᠤᠬᠠᠢ ᠴᠠᠭᠳᠠᠭ᠎ᠠ ᠶᠢᠨ ᠪᠠᠶᠢᠭᠤᠯᠤᠯᠭ᠎ᠠ ᠠᠴᠠ ᠮᠡᠳᠡᠭᠡᠯᠡᠵᠦ ᠪᠠᠶᠢᠨ᠎ᠠ᠃ ᠮᠥᠨ ᠬᠠᠯᠠᠭᠠᠰᠤᠨ ᠤ ᠬᠤᠯᠠᠭᠠᠢ ᠶᠢᠨ ᠭᠡᠮᠲᠦ ᠬᠡᠷᠡᠭ᠂ ᠣᠷᠣᠨ ᠪᠠᠶᠢᠷᠢ ᠲᠣᠨᠣᠨ ᠳᠡᠭᠡᠷᠡᠮᠳᠡᠬᠦ ᠭᠡᠮᠲᠦ ᠬᠡᠷᠡᠭ ᠭᠠᠷᠴᠤ ᠪᠠᠶᠢᠭ᠎ᠠ ᠠᠵᠠᠢ᠃ ᠲᠤᠬᠠᠶᠢᠯᠠᠪᠠᠯ᠂ ᠨᠡᠶᠢᠰᠯᠡᠯ ᠦᠨ ᠬᠠᠨ-ᠠᠭᠤᠯᠠ ᠳᠡᠭᠦᠷᠭᠡ ᠶᠢᠨ ᠨᠤᠲᠤᠭ ᠳᠡᠪᠢᠰᠬᠡᠷ ᠲᠦ ᠪᠠᠶᠢᠷᠢᠯᠠᠬᠤ ᠣᠷᠣᠨ ᠰᠠᠭᠤᠴᠠᠨ ᠤ ᠠᠶᠢᠯ ᠠᠴᠠ 40 ᠺᠢᠯᠦᠭᠷᠡᠮ ᠲᠠᠲᠠᠭᠰᠠᠨ ᠮᠢᠬ᠎ᠠ ᠠᠯᠳᠠᠭᠳᠠᠭᠰᠠᠨ ᠬᠡᠷᠡᠭ ᠥᠩᠭᠡᠷᠡᠭᠴᠢ ᠳᠣᠯᠣᠭ᠎ᠠ ᠬᠣᠨᠣᠭ ᠲᠤ  ᠪᠦᠷᠢᠳᠬᠡᠭᠳᠡᠵᠦ᠂ ᠬᠠᠨ-ᠠᠭᠤᠯᠠ ᠳᠡᠭᠦᠷᠭᠡ ᠶᠢᠨ ᠴᠠᠭᠳᠠᠭ᠎ᠠ ᠶᠢᠨ ᠨᠢᠭᠡᠳᠦᠭᠡᠷ ᠬᠡᠯᠲᠡᠰ ᠦᠨ ᠬᠢᠨ ᠭᠡᠮᠲᠦ ᠬᠡᠷᠡᠭ ᠦᠢᠯᠡᠳᠦᠭᠰᠡᠨ ᠡᠲᠡᠭᠡᠳ ᠢ ᠢᠯᠡᠷᠡᠭᠦᠯᠦᠭᠡᠳ ᠪᠠᠶᠢᠭ᠎ᠠ ᠠᠵᠠᠢ᠃

ᠰᠡᠳᠬᠢᠭᠳᠡᠯ ᠦᠯᠡᠳᠡᠭᠡᠬᠦ