ᠮᠣᠩᠭᠣᠯ ᠤᠨ ᠬᠠᠮᠤᠭ ᠤᠨ ᠠᠬᠠᠮᠠᠳ ᠢᠷᠭᠡᠨ 112 ᠨᠠᠰᠤᠲᠠᠢ | News.MN

ᠮᠣᠩᠭᠣᠯ ᠤᠨ ᠬᠠᠮᠤᠭ ᠤᠨ ᠠᠬᠠᠮᠠᠳ ᠢᠷᠭᠡᠨ 112 ᠨᠠᠰᠤᠲᠠᠢ

ᠮᠣᠩᠭᠣᠯ ᠤᠯᠤᠰ ᠤᠨ ᠥᠨᠳᠥᠷ ᠨᠠᠰᠤᠲᠠᠢ ᠢᠷᠭᠡᠳ ᠦᠨ ᠮᠡᠳᠡᠭᠡᠯᠡᠯ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠮᠡᠳᠡᠭᠡᠯᠡᠯ᠎ᠡ᠃ ᠤᠯᠤᠰ ᠤᠨ ᠬᠡᠮᠵᠢᠶᠡᠨ ᠳᠦ 2019 ᠣᠨ ᠤ ᠨᠢᠭᠡᠳᠦᠭᠡᠷ ᠰᠠᠷ᠎ᠠ ᠶᠢᠨ 23 ᠍ ᠤ ᠡᠳᠦᠷ ᠦᠨ ᠪᠠᠶᠢᠳᠠᠯ ᠢᠶᠠᠷ 100 ᠪᠠ ᠲᠡᠭᠦᠨ ᠡᠴᠡ ᠳᠡᠭᠡᠭᠰᠢ ᠨᠠᠰᠤᠲᠠᠢ 116 ᠬᠦᠮᠦᠨ ᠡᠩᠬᠡ ᠲᠤᠩᠬ᠎ᠠ ᠠᠮᠢᠳᠤᠷᠠᠵᠤ ᠪᠠᠶᠢᠭ᠎ᠠ ᠠᠵᠢ᠃ ᠡᠨᠡᠬᠦ ᠮᠡᠳᠡᠭᠡᠯᠡᠯ ᠢ ᠬᠦᠮᠦᠨ ᠠᠮᠠ ᠡᠷᠦᠬᠡ ᠶᠢᠨ ᠮᠡᠳᠡᠭᠡᠯᠡᠯ ᠦᠨ ᠰᠠᠩ᠂ ᠢᠷᠭᠡᠨ ᠦ ᠮᠡᠳᠡᠭᠡᠯᠡᠯ ᠦᠨ ᠰᠠᠩ ᠪᠣᠯᠤᠨ ᠠᠶᠢᠮᠠᠭ᠂ ᠨᠡᠶᠢᠰᠯᠡᠯ ᠦᠨ ᠰᠲ᠋ᠠᠲ᠋ᠢᠰᠲ᠋ᠢᠺ ᠤᠨ ᠭᠠᠵᠠᠷ᠂ ᠬᠡᠯᠲᠡᠰ ᠦᠨ ᠮᠡᠳᠡᠭᠡᠯᠡᠯ ᠲᠡᠢ ᠲᠤᠯᠭᠠᠨ ᠰᠢᠯᠭᠠᠵᠤ ᠭᠠᠷᠭᠠᠵᠠᠢ᠃
ᠥᠨᠳᠥᠷ ᠨᠠᠰᠤᠲᠠᠨ ᠨᠤᠭᠤᠳ ᠤᠨ 14 (12.1%) ᠨᠢ  ᠡᠷᠡᠭᠲᠡᠢ᠂ 102 (87.9%) ᠨᠢ ᠡᠮᠡᠭᠲᠡᠢ ᠪᠠᠶᠢᠭ᠎ᠠ ᠶᠢ ᠨᠠᠰᠤ ᠪᠠᠷ ᠠᠪᠴᠤ ᠦᠵᠡᠪᠡᠯ᠄ 100 ᠨᠠᠰᠤᠲᠠᠢ 50 ᠬᠦᠮᠦᠨ ᠂ 101 ᠨᠠᠰᠤᠲᠠᠢ 28 ᠬᠦᠮᠦᠨ ᠂ 102 ᠨᠠᠰᠤᠲᠠᠢ 15 ᠬᠦᠮᠦᠨ ᠂ 103 ᠨᠠᠰᠤᠲᠠᠢ 6 ᠬᠦᠮᠦᠨ ᠂ 104 ᠨᠠᠰᠤᠲᠠᠢ 6 ᠬᠦᠮᠦᠨ ᠂ 105 ᠨᠠᠰᠤᠲᠠᠢ 5 ᠬᠦᠮᠦᠨ ᠂ 106 ᠨᠠᠰᠤᠲᠠᠢ 1 ᠬᠦᠮᠦᠨ ᠂ 107 ᠨᠠᠰᠤᠲᠠᠢ 2 ᠬᠦᠮᠦᠨ ᠂ 108 ᠨᠠᠰᠤ ᠲᠠᠢ 1 ᠬᠦᠮᠦᠨ ᠂ 110 ᠨᠠᠰᠤᠲᠠᠢ 1 ᠬᠦᠮᠦᠨ ᠂ 112 ᠨᠠᠰᠤ ᠲᠠᠢ 1 ᠬᠦᠮᠦᠨ ᠪᠠᠶᠢᠨ᠎ᠠ ᠃

ᠰᠡᠳᠬᠢᠭᠳᠡᠯ ᠦᠯᠡᠳᠡᠭᠡᠬᠦ