ᠵᠠᠯᠠᠭᠤ ᠵᠢᠷᠤᠭᠴᠢᠨ ᠪ∙ᠢᠷᠡᠭᠡᠳᠦᠢ ᠰᠢᠯᠢᠳᠡᠭ ᠢᠶᠡᠷ ᠰᠢᠯᠭᠠᠷᠠᠯ᠎ᠠ | News.MN

ᠵᠠᠯᠠᠭᠤ ᠵᠢᠷᠤᠭᠴᠢᠨ ᠪ∙ᠢᠷᠡᠭᠡᠳᠦᠢ ᠰᠢᠯᠢᠳᠡᠭ ᠢᠶᠡᠷ ᠰᠢᠯᠭᠠᠷᠠᠯ᠎ᠠ

UBS ᠲᠸᠯᠸᠢᠰ ᠡᠴᠡ ᠰᠠᠨᠠᠭᠠᠴᠢᠯᠠᠭᠰᠠᠨ ︽ᠠᠰᠠᠬᠤ ᠭᠡᠷᠡᠯ︾ ᠱᠤᠸᠤ᠋ ᠲᠠᠪᠤᠨ ᠰᠠᠷ᠎ᠠ ᠦᠷᠭᠦᠯᠵᠢᠯᠡᠵᠦ ᠥᠴᠥᠭᠡᠳᠦᠷ ᠰᠢᠯᠢᠳᠡᠭ ᠢᠶᠡᠨ ᠲᠣᠳᠣᠷᠠᠭᠤᠯᠤᠯ᠎ᠠ᠃ ᠮᠣᠩᠭᠣᠯ ᠤᠨ ᠭᠡᠷᠡᠯ ᠵᠢᠷᠤᠭ ᠤᠨ ᠨᠢᠭᠡᠳᠦᠭᠰᠡᠨ ᠬᠣᠯᠪᠣᠭ᠎ᠠ  ᠲᠠᠢ ᠬᠠᠮᠲᠤᠷᠠᠨ ᠵᠣᠬᠢᠶᠠᠨ ᠪᠠᠶᠢᠭᠤᠯᠤᠭᠰᠠᠨ ᠠᠩᠬᠠᠨ ᠤ ᠭᠡᠷᠡᠯ ᠵᠢᠷᠤᠭ ᠤᠨ ТВ  ᠱᠤᠸᠤ᠋ ᠳᠤ ᠨᠡᠶᠢᠲᠡ 120 ᠭᠡᠷᠡᠯ ᠵᠢᠷᠤᠭᠴᠢᠨ ᠣᠷᠣᠯᠴᠠᠭᠰᠠᠨ ᠠᠴᠠ ᠰᠢᠯᠢᠳᠡᠭ 16 ᠨᠢ ᠲᠤᠨᠵᠤ ᠦᠯᠡᠳᠡᠭᠰᠡᠨ ᠪᠠᠶᠢᠨ᠎ᠠ᠃ ᠣᠷᠣᠯᠴᠠᠭᠴᠢᠳ 10 ᠳᠠᠭᠠᠭᠠᠯᠭᠠᠪᠤᠷᠢ ᠭᠦᠢᠴᠡᠳᠭᠡᠨ ᠬᠠᠰᠤᠭᠳᠠᠬᠤ ᠵᠢᠷᠤᠮ ᠢᠶᠠᠷ ᠥᠷᠢᠰᠦᠯᠳᠦᠭᠰᠡᠭᠡᠷ ᠳᠥᠷᠪᠡᠨ ᠭᠡᠷᠡᠯ ᠵᠢᠷᠤᠭᠴᠢᠨ ᠰᠢᠯᠢᠳᠡᠭ ᠦᠨ ᠲᠥᠯᠥᠭᠡ ᠦᠷᠢᠰᠦᠯᠳᠦᠭᠰᠡᠨ ᠶᠤᠮ᠃ ᠡᠨᠡ ᠳᠥᠷᠪᠡᠨ ᠭᠡᠷᠡᠯ ᠵᠢᠷᠤᠭᠴᠢᠨ ︽ᠮᠡᠷᠭᠡᠵᠢᠯ ᠪᠦᠬᠦᠨ ᠰᠠᠶᠢᠬᠠᠨ︾᠂ ︽ᠪᠠᠶᠢᠭᠠᠯᠢ︾᠂ ︽ᠬᠥᠷᠥᠭ︾᠂  ︽ᠪᠦᠲᠦᠭᠡᠭᠳᠡᠬᠦᠨ︾᠂ ︽ᠹᠤᠲ᠋ᠤ᠋ ᠰᠤᠷᠪᠤᠯᠵᠢᠯᠠᠭ᠎ᠠ︾᠂ ︽ᠪᠤᠤᠬᠢᠶ᠎ᠠ︾᠂ ︽ᠠᠰᠠᠬᠤ ᠭᠡᠷᠡᠯ︾᠂ ︽ᠭᠱᠠᠨ︾ ᠵᠡᠷᠭᠡ ᠰᠡᠳᠦᠪ ᠢᠶᠡᠷ ᠳᠠᠭᠠᠭᠠᠯᠭᠠᠪᠤᠷᠢ ᠪᠠᠨ ᠭᠦᠢᠴᠡᠳᠭᠡᠨ ᠮᠡᠷᠭᠡᠵᠢᠯ ᠦᠨ ᠰᠢᠭᠦᠭᠴᠢᠳ ᠢᠶᠡᠷ ᠰᠢᠭᠦᠯᠭᠡᠵᠡᠢ᠃ ᠡᠶᠢᠨ ᠬᠦ ᠲᠤᠨᠵᠤ ᠦᠯᠡᠳᠡᠭᠰᠡᠨ ᠪ∙ᠪᠠᠲᠤᠭᠡᠷᠡᠯ᠂ ᠪ∙ᠢᠷᠡᠭᠡᠳᠦᠢ᠂ ᠮ∙ᠮᠢᠰᠢᠶᠡᠯ᠂ ᠰ∙ᠬᠠᠰᠡᠷᠳᠡᠨᠢ ᠨᠠᠷ ᠠᠴᠠ ᠰᠤᠶᠤᠯ ᠤᠷᠠᠯᠢᠭ ᠤᠨ ᠶᠡᠬᠡ ᠰᠤᠷᠭᠠᠭᠤᠯᠢ ᠦᠨ ᠷᠠᠳᠢᠣ᠋ ᠲᠸᠯᠸᠢᠰ ᠦᠨ ᠳᠡᠭᠡᠳᠦ ᠰᠤᠷᠭᠠᠭᠤᠯᠢ ᠦᠨ ᠵᠢᠷᠤᠭᠯᠠᠭᠠᠴᠢ ᠶᠢᠨ ᠬᠣᠶᠠᠳᠤᠭᠠᠷ ᠳᠠᠮᠵᠢᠶᠠᠨ ᠤ ᠣᠶᠤᠲᠠᠨ ᠪᠤᠯᠠᠭᠠᠨᠲ᠋ᠠᠮᠢᠷ ᠤᠨ ᠢᠷᠡᠭᠡᠳᠦᠢ ᠢᠯᠠᠭᠴᠢ ᠪᠣᠯᠤᠯ᠎ᠠ᠃

ᠰᠡᠳᠬᠢᠭᠳᠡᠯ ᠦᠯᠡᠳᠡᠭᠡᠬᠦ