ᠢᠬᠡᠷ᠎ᠡ ᠬᠡᠦᠬᠡᠳ ᠲᠡᠢ 240 ᠭᠠᠷᠤᠢ ᠡᠷᠦᠬᠡ ᠪᠠᠶᠢᠨ᠎ᠠ | News.MN

ᠢᠬᠡᠷ᠎ᠡ ᠬᠡᠦᠬᠡᠳ ᠲᠡᠢ 240 ᠭᠠᠷᠤᠢ ᠡᠷᠦᠬᠡ ᠪᠠᠶᠢᠨ᠎ᠠ

ᠠᠷᠤᠬᠠᠩᠭᠠᠢ ᠠᠶᠢᠮᠠᠭ ᠲᠤ ᠥᠩᠭᠡᠷᠡᠭᠰᠡᠨ ᠣᠨ ᠤ ᠬᠦᠮᠦᠨ ᠠᠮᠠ ᠶᠢᠨ ᠲᠣᠭᠠᠯᠠᠯᠭ᠎ᠠ ᠪᠠᠷ 27900 ᠡᠷᠦᠬᠡ ᠶᠢᠨ 244 ᠡᠷᠦᠬᠡ ᠨᠢ ᠢᠬᠡᠷ᠎ᠡ ᠬᠡᠦᠬᠡᠳ ᠲᠡᠢ ᠪᠠ 18 ᠬᠦᠷᠲᠡᠯᠡᠬᠢ ᠨᠠᠰᠤᠨ ᠤ 4 ᠪᠠ ᠲᠡᠭᠦᠨ ᠡᠴᠡ ᠳᠡᠭᠡᠭᠰᠢ ᠬᠡᠦᠬᠡᠳ ᠲᠡᠢ 1590 ᠡᠷᠦᠬᠡ ᠪᠠᠶᠢᠨ᠎ᠠ᠃ ᠥᠩᠭᠡᠷᠡᠭᠰᠡᠨ ᠣᠨ ᠳᠤ 1737 ᠡᠬᠡ ᠡᠴᠡ 1738 ᠬᠡᠦᠬᠡᠳ ᠠᠮᠢᠳᠤ ᠲᠦᠷᠦᠭᠰᠡᠨ ᠪᠠ ᠢᠬᠡᠷ᠎ᠡ ᠬᠡᠦᠬᠡᠳ ᠨᠢᠭᠡ ᠲᠦᠷᠦᠵᠡᠢ᠃ ᠬᠠᠷᠢᠨ ᠨᠡᠶᠢᠲᠡ ᠲᠦᠷᠦᠭᠰᠡᠨ ᠬᠡᠦᠬᠡᠳ ᠦᠨ ᠲᠣᠭ᠎ᠠ ᠨᠢ ᠥᠩᠭᠡᠷᠡᠭᠰᠡᠨ ᠣᠨ ᠤ ᠬᠢ ᠠᠴᠠ 164 ᠬᠡᠦᠬᠡᠳ ᠢᠶᠡᠷ ᠪᠠᠭ᠎ᠠ ᠪᠠᠶᠢᠨ᠎ᠠ᠃ ᠨᠢᠭᠡ ᠡᠴᠡ ᠲᠠᠪᠤ ᠬᠦᠷᠲᠡᠯᠡᠬᠢ ᠨᠠᠰᠤᠨ ᠤ ᠬᠡᠦᠬᠡᠳ ᠦᠨ ᠡᠨᠳᠡᠭᠳᠡᠯ 10 ᠭᠠᠷᠴᠤ ᠂ ᠮᠢᠩᠭᠠᠨ ᠠᠮᠢᠳᠤ ᠲᠦᠷᠦᠯᠲᠡ ᠳᠦ 5.7 ᠨᠣᠭᠳᠠᠵᠤ ᠪᠤᠢ ᠨᠢ ᠥᠩᠭᠡᠷᠡᠭᠰᠡᠨ ᠣᠨ ᠤ ᠬᠢ ᠠᠴᠠ 3 ᠲᠣᠬᠢᠶᠠᠯᠳᠤᠯ ᠢᠶᠠᠷ ᠥᠰᠦᠭᠰᠡᠨ ᠪᠠᠶᠢᠭ᠎ᠠ ᠶᠤᠮ᠃ ᠠᠶᠢᠮᠠᠭ ᠤᠨ ᠬᠡᠮᠵᠢᠶᠡᠨ ᠳᠦ 1502 ᠥᠨᠥᠴᠢᠨ ᠬᠡᠦᠬᠡᠳ ᠪᠠᠶᠢᠭ᠎ᠠ ᠶᠢᠨ 6.7 ᠬᠤᠪᠢ ᠨᠢ ᠪᠦᠲᠦᠨ ᠥᠨᠥᠴᠢᠨ ᠬᠡᠦᠬᠡᠳ ᠦᠳ ᠪᠠᠶᠢᠭ᠎ᠠ ᠪᠠ ᠨᠡᠶᠢᠲᠡ ᠥᠨᠥᠴᠢᠨ ᠬᠡᠦᠬᠡᠳ ᠦᠨ 35 ᠬᠤᠪᠢ ᠶᠢ 0-9 ᠨᠠᠰᠤᠨ ᠤ ᠬᠡᠦᠬᠡᠳ ᠦᠳ ᠡᠵᠡᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ