ᠨ∙ᠠᠶᠢᠱᠤᠯᠫᠠᠨ ᠬᠠᠰᠠᠭᠰᠲ᠋ᠠᠨ ᠤ ᠶᠡᠷᠦᠩᠬᠡᠶᠢᠯᠡᠭᠴᠢ ᠶᠢ ᠤᠷᠢᠵᠠᠢ | News.MN

ᠨ∙ᠠᠶᠢᠱᠤᠯᠫᠠᠨ ᠬᠠᠰᠠᠭᠰᠲ᠋ᠠᠨ ᠤ ᠶᠡᠷᠦᠩᠬᠡᠶᠢᠯᠡᠭᠴᠢ ᠶᠢ ᠤᠷᠢᠵᠠᠢ

ᠳᠡᠯᠡᠬᠡᠢ ᠳ᠋ᠠᠬᠢᠨ ᠳᠤ ︽ᠪᠥᠷᠭᠥᠳᠴᠢᠨ ᠥᠬᠢᠨ︾ ᠬᠡᠮᠡᠨ ᠠᠯᠳᠠᠷᠰᠢᠭᠰᠠᠨ ᠨ∙ᠠᠶᠢᠱᠤᠯᠫᠠᠨ ᠥᠬᠢᠨ ᠡᠨᠡ ᠰᠠᠷ᠎ᠠ ᠶᠢᠨ 23  ᠤ ᠡᠳᠦᠷ ᠬᠠᠰᠠᠭᠰᠲ᠋ᠠᠨ ᠤᠯᠤᠰ ᠤᠨ ᠠᠰᠲ᠋ᠠᠨᠠ ᠬᠤᠲᠠ ᠳᠤ ᠪᠣᠯᠤᠭᠰᠠᠨ ︽ᠵᠠᠯᠠᠭᠤᠴᠤᠳ ᠤᠨ ᠵᠢᠯ ᠦᠨ ᠨᠡᠭᠡᠭᠡᠯᠲᠡ ᠶᠢᠨ ᠶᠣᠰᠣᠯᠠᠯ ︾ ᠠᠷᠭ᠎ᠠ ᠬᠡᠮᠵᠢᠶᠡᠨ ᠳᠦ ᠣᠷᠣᠯᠴᠠᠵᠤ ᠦᠭᠡ ᠬᠡᠯᠡᠵᠡᠢ᠃ ᠤᠭ ᠠᠷᠭ᠎ᠠ ᠬᠡᠮᠵᠢᠶᠡᠨ ᠳᠦ ᠲᠤᠰ ᠤᠯᠤᠰ ᠤᠨ ᠶᠡᠷᠦᠩᠬᠡᠶᠢᠯᠡᠭᠴᠢ ᠨ∙ᠨᠠᠵᠠᠷᠪᠠᠶ᠋ᠸᠪ ᠣᠷᠣᠯᠴᠠᠭᠰᠠᠨ ᠪᠠᠶᠢᠨ᠎ᠠ᠃ ᠨ∙ᠠᠶᠢᠱᠤᠯᠫᠠᠨ ᠨᠡᠭᠡᠭᠡᠯᠲᠡ ᠶᠢᠨ ᠶᠣᠰᠣᠯᠠᠯ ᠤᠨ ᠦᠶ᠎ᠡ ᠪᠡᠷ ᠬᠡᠯᠡᠬᠦ ᠳᠦ ᠪᠡᠨ᠂  ᠪᠢ ᠬᠠᠰᠠᠭᠰᠲ᠋ᠠᠨ ᠠᠴᠠ ᠭᠠᠳᠠᠭᠤᠷ ᠠᠮᠢᠳᠤᠷᠠᠵᠤ ᠪᠠᠶᠢᠭ᠎ᠠ ᠲᠠᠪᠤᠨ ᠰᠠᠶ᠎ᠠ ᠬᠠᠰᠠᠭ ᠢᠷᠭᠡᠨ ᠦ ᠲᠥᠯᠥᠭᠡᠯᠡᠯ ᠪᠥᠭᠡᠳ ᠮᠣᠩᠭᠣᠯ ᠤᠯᠤᠰ ᠤᠨ ᠪᠠᠶᠠᠨ-ᠥᠯᠥᠭᠡᠢ ᠠᠶᠢᠮᠠᠭ ᠲᠤ ᠲᠦᠷᠦᠵᠦ ᠥᠰᠦᠭᠰᠡᠨ᠃ ᠬᠠᠷᠢᠨ ᠮᠢᠨᠦ ᠡᠪᠦᠭᠡ ᠳᠡᠭᠡᠳᠦᠰ ᠦᠨ ᠡᠬᠡ ᠨᠤᠲᠤᠭ ᠪᠣᠯ ᠬᠠᠰᠠᠭᠰᠲ᠋ᠠᠨ ᠭᠡᠳᠡᠭ ᠢ ᠰᠠᠨᠠᠵᠤ ᠶᠠᠪᠤᠳᠠᠭ᠃ ᠣᠳᠣ  ᠠᠰᠲ᠋ᠠᠨᠠ  ᠳ᠋ᠡᠬᠢ  ︽ᠨᠤᠷ-ᠣᠷᠣᠳᠠ︾ ᠣᠯᠠᠨ ᠤᠯᠤᠰ ᠤᠨ ᠰᠤᠷᠭᠠᠭᠤᠯᠢ ᠳᠤ ᠰᠤᠷᠤᠯᠴᠠᠵᠤ ᠪᠠᠶᠢᠭ᠎ᠠ᠃ ᠪᠢ ᠪᠦᠷᠭᠦᠳ ᠭᠠᠷᠰᠢᠭᠤᠯᠬᠤ ᠤᠷᠠᠯᠢᠭ ᠢ ᠠᠩᠬ᠎ᠠ ᠠᠪᠤ ᠷ∙ᠨᠤᠷᠭᠠᠶᠢᠫᠠ ᠠᠴᠠ ᠰᠤᠷᠴᠤ᠂ ᠨᠠᠢᠮᠠᠨ ᠨᠠᠰᠤᠲᠠᠢ ᠠᠴᠠ ᠪᠠᠨ ᠪᠦᠷᠭᠦᠳ ᠢᠶᠡᠷ ᠠᠩ ᠠᠪᠠᠯᠠᠵᠤ ᠡᠬᠢᠯᠡᠭᠰᠡᠨ᠃ ᠮᠢᠨᠦ ᠲᠣᠭᠯᠠᠭᠰᠠᠨ The Eagle Hunterss ᠨᠡᠷ᠎ᠡ ᠲᠡᠢ ᠪᠠᠷᠢᠮᠲᠠᠲᠤ ᠺᠢᠨᠣ᠋ ᠳᠡᠯᠡᠬᠡᠢ ᠶᠢᠨ 33 ᠤᠯᠤᠰ ᠲᠤ ᠭᠠᠷᠴᠤ᠂ ᠬᠠᠰᠠᠭ ᠲᠦᠮᠡᠨ ᠦ ᠰᠤᠶᠤᠯ ᠢ ᠰᠤᠷᠲᠠᠯᠴᠢᠯᠠᠯ᠎ᠠ ᠬᠡᠮᠡᠨ ᠬᠡᠯᠡᠵᠦ ᠨ∙ᠨᠠᠵᠠᠷᠪᠠᠶ᠋ᠸᠪ  ᠢ ᠡᠬᠡ ᠣᠷᠣᠨ ᠳᠤ ᠪᠠᠨ ᠵᠣᠴᠢᠯᠠᠨ ᠠᠷᠠᠳ ᠲᠦᠮᠡᠨ ᠦ ᠪᠡᠨ ᠳᠠᠰᠲᠠᠷᠬᠠᠨ ᠠᠴᠠ ᠢᠳᠡᠭᠡ ᠠᠮᠰᠠᠬᠤ ᠶᠢ ᠤᠷᠢᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ