ᠪᠥᠬᠡ ᠶᠢᠨ ᠥᠷᠭᠥᠭᠡ ᠶᠢ ᠠᠯᠪᠠᠨ ᠶᠣᠰᠣᠭᠠᠷ ᠨᠡᠭᠡᠭᠡᠯ᠎ᠡ | News.MN

ᠪᠥᠬᠡ ᠶᠢᠨ ᠥᠷᠭᠥᠭᠡ ᠶᠢ ᠠᠯᠪᠠᠨ ᠶᠣᠰᠣᠭᠠᠷ ᠨᠡᠭᠡᠭᠡᠯ᠎ᠡ

ᠪᠥᠬᠡ ᠶᠢᠨ ᠥᠷᠭᠦᠭᠡᠨ ᠦ ᠯᠠᠴᠠ ᠲᠠᠢ ᠬᠠᠭᠠᠯᠭ᠎ᠠ ᠶᠢ ᠨᠡᠭᠡᠭᠡᠬᠦ ᠪᠡᠷ ᠳᠠᠷᠬᠠᠨ ᠠᠪᠤᠷᠭᠤ ᠬ∙ᠪᠠᠶᠠᠨᠮᠦ᠋ᠩᠬᠡ᠂ ᠤᠯᠤᠰ ᠤᠨ ᠶᠡᠬᠡ ᠬᠤᠷᠠᠯ ᠤᠨ ᠭᠡᠰᠢᠭᠦᠨ᠂ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠤ ᠰᠢᠨ᠎ᠡ ᠲᠡᠷᠢᠭᠦᠨ ᠪ∙ᠪᠠᠲᠤ-ᠡᠷᠳᠡᠨᠢ᠂ ᠳᠠᠷᠬᠠᠨ ᠠᠪᠤᠷᠭᠤ ᠭ∙ᠦᠰᠬᠦᠪᠠᠶᠠᠷ ᠲᠡᠷᠢᠭᠦᠲᠡᠢ ᠪᠥᠬᠡ ᠶᠢᠨ ᠬᠣᠶᠠᠷ ᠬᠣᠯᠪᠣᠭᠠᠨ ᠤ ᠬᠢᠨ ᠪᠣᠯᠤᠨ ᠴᠠᠭᠳᠠᠭ᠎ᠠ ᠶᠢᠨ ᠠᠯᠪᠠ ᠬᠠᠭᠠᠭᠴᠢᠳ ᠢᠷᠡᠭᠰᠡᠨ ᠪᠠᠶᠢᠪᠠ᠃ ᠡᠭᠦᠨ ᠦ ᠳᠠᠷᠠᠭ᠎ᠠ ᠳᠠᠷᠬᠠᠨ ᠠᠪᠤᠷᠭᠤ ᠬ∙ᠪᠠᠶᠠᠨᠮᠦ᠋ᠩᠬᠡ ᠰᠡᠳᠬᠦᠯᠴᠢᠳ ᠦᠨ ᠠᠰᠠᠭᠤᠯᠲᠠᠨ ᠳᠤ ᠬᠠᠷᠢᠭᠤᠯᠲᠠ ᠥᠭᠭᠦᠯ᠎ᠡ᠃
– ᠬᠠᠤᠯᠢ ᠶᠢᠨ ᠪᠠᠶᠢᠭᠤᠯᠤᠯᠭ᠎ᠠ ᠬᠠᠭᠠᠴᠢᠬᠠᠭᠰᠠᠨ ᠪᠠᠶᠢᠭᠰᠠᠨ ᠰᠢᠦ ᠳ᠋ᠡ᠃ ᠲᠠ ᠪᠦᠬᠦᠨ ᠢ ᠰᠢᠭᠤᠳ ᠨᠡᠭᠡᠭᠡᠶ᠎ᠡ ᠭᠡᠬᠦ ᠳᠦ ᠲᠡᠳᠡ ᠵᠦᠪᠰᠢᠶᠡᠷᠡᠬᠦ ᠦᠦ ︖
– ᠪᠢᠳᠡ ᠵᠥᠷᠢᠯᠳᠦᠭᠡᠨ ᠦᠭᠡᠢ ᠪᠤᠯᠴᠢᠬᠠᠤ ᠪᠠᠷ ᠴᠠᠭᠳᠠᠭ᠎ᠠ ᠶᠢᠨ ᠪᠠᠶᠢᠭᠤᠯᠤᠯᠭ᠎ᠠ ᠶᠠᠭᠠᠬᠢᠬᠤ ᠪᠢᠯᠡ᠃ ᠬᠠᠤᠯᠢ ᠪᠠᠷ ᠶᠠᠷᠢᠪᠠᠯ ᠡᠪᠯᠡᠷᠡᠬᠦ᠂ ᠵᠠᠭᠤᠴᠢᠯᠠᠬᠤ ᠭᠡᠳᠡᠭ ᠵᠢᠭᠠᠯᠲᠠ ᠪᠠᠶᠢᠭ᠎ᠠ᠂ ᠲᠡᠭᠦᠪᠡᠷ ᠢᠶᠡᠨ ᠯᠠ ᠶᠠᠪᠤᠴᠢᠬᠠᠬᠤ ᠪᠣᠯᠪᠠ ᠤᠤ ᠭᠡᠵᠦ ᠪᠣᠳᠣᠬᠤ ᠶᠤᠮ᠃ ᠬᠡᠷᠡᠭᠴᠡᠭᠡ ᠲᠡᠢ ᠭᠡᠵᠦ ᠦᠵᠡᠪᠡᠯ ᠡᠷᠭᠦᠳᠡᠯ ᠭᠣᠮᠣᠳᠠᠯ ᠢᠶᠠᠨ ᠲᠠᠲᠠᠬᠤ ᠶᠤᠮ  ᠪᠠᠶᠢᠯᠭᠦᠢ᠃ ᠪᠥᠬᠡ ᠶᠢᠨ ᠡᠷᠬᠡ ᠠᠰᠢᠭ ᠲᠤ ᠶᠠᠭᠤ ᠪᠠᠶᠢᠨ᠎ᠠ ᠲᠡᠷᠡ ᠶᠢ ᠯᠠ ᠪᠢᠳᠡ ᠬᠢᠵᠦ᠂ ᠠᠩᠬᠠᠷᠤᠯ ᠢᠶᠠᠨ ᠴᠢᠭᠯᠡᠭᠦᠯᠦᠨ᠎ᠡ᠃ ᠮᠢᠨᠦ ᠬᠤᠪᠢ ᠳᠤ ᠠᠮᠢᠳᠤ ᠮᠡᠨᠳᠦ ᠪᠠᠶᠢᠬᠤ ᠬᠤᠭᠤᠴᠠᠭᠠᠨ ᠳᠤ ᠪᠠᠨ ᠪᠥᠬᠡ ᠶᠢᠨ ᠢᠶᠡᠨ ᠲᠥᠯᠥᠭᠡ ᠶᠠᠪᠤᠨ᠎ᠠ᠂ ᠪ∙ᠪᠠᠲᠤ-ᠡᠷᠳᠡᠨᠢ ᠠᠪᠤᠷᠭᠤ ᠪᠢᠳᠡ ᠬᠣᠶᠠᠷ ᠲᠡᠭᠡᠵᠦ ᠶᠠᠪᠤᠬᠤ ᠤᠴᠢᠷᠲᠠᠢ᠃
– ᠰᠠᠷ᠎ᠠ ᠰᠢᠨ᠎ᠡ ᠶᠢᠨ ᠪᠠᠷᠢᠯᠳᠤᠭᠠᠨ ᠢ ᠪᠥᠬᠡ ᠶᠢᠨ ᠥᠷᠭᠦᠭᠡᠨ ᠳᠦ ᠬᠢᠬᠦ ᠦᠭᠡᠢ ᠭᠡᠵᠦ ᠲᠣᠪᠯᠠᠵᠤ ᠪᠠᠶᠢᠭᠰᠠᠨ᠃ ᠡᠨᠡ ᠠᠰᠠᠭᠤᠳᠠᠯ ᠶᠠᠭᠠᠬᠢᠬᠤ ᠪᠣᠯ ︖
– ᠶᠠᠷᠢᠯᠴᠠᠨ᠎ᠠ᠃ ᠲᠥᠷᠥ ᠵᠠᠰᠠᠭ ᠢᠶᠠᠨ ᠬᠦᠨᠳᠦᠯᠡᠭᠡᠳ ᠮᠥᠩᠭᠥ ᠲᠥᠭᠥᠷᠢᠭ ᠢᠶᠡᠨ ᠰᠢᠯᠵᠢᠭᠦᠯᠦᠭᠡᠳ ᠵᠣᠬᠢᠶᠠᠨ ᠪᠠᠶᠢᠭᠤᠯᠤᠯᠲᠠ ᠬᠢᠴᠢᠬᠡᠭᠰᠡᠨ ᠪᠠᠶᠢᠭ᠎ᠠ ᠪᠣᠯ ᠪᠢᠳᠡ ᠵᠥᠷᠢᠭᠡᠳ ᠪᠠᠶᠢᠬᠤ ᠶᠠᠭᠤᠮ᠎ᠠ ᠪᠠᠶᠢᠬᠤ ᠦᠭᠡᠢ᠃ ᠭᠡᠬᠦ ᠳᠦ ᠪᠡᠨ ᠪᠢᠳᠡ ᠪᠣᠯᠵᠤ ᠥᠭᠪᠡᠯ ᠪᠥᠬᠡ ᠶᠢᠨ ᠥᠷᠭᠦᠭᠡᠨ ᠳᠦ ᠪᠡᠨ ᠬᠢᠴᠢᠬᠡᠶ᠎ᠡ ᠭᠡᠬᠦ ᠪᠣᠳᠣᠯ ᠪᠠᠶᠢᠨ᠎ᠠ᠃ ᠶᠠᠭ ᠣᠳᠣ ᠬᠡᠯᠡᠬᠦ ᠦᠭᠡ ᠠᠯᠠᠭ᠎ᠠ᠃
-ᠮᠠᠷᠭᠤᠭᠠᠨ ᠢᠶᠠᠨ ᠠᠯᠪᠠᠨ ᠶᠣᠰᠣᠭᠠᠷ ᠬᠡᠵᠢᠶ᠎ᠡ ᠴᠡᠭᠯᠡᠬᠦ ᠪᠤᠢ︖
– ᠴᠡᠭᠴᠡᠯᠡᠭᠡᠳ ᠡᠬᠢᠯᠡᠵᠦ ᠪᠠᠶᠢᠨ᠎ᠠ᠃ ᠬᠣᠶᠠᠳᠤᠭᠠᠷ ᠰᠠᠷ᠎ᠠ ᠶᠢᠨ 20 ᠳᠦ ᠲᠠᠪᠤᠳᠤᠭᠠᠷ ᠶᠡᠬᠡ ᠬᠤᠷᠠᠯ ᠢᠶᠠᠨ ᠬᠤᠷᠠᠯᠳᠤᠭᠤᠯᠤᠨ᠎ᠠ᠃ ᠤᠭ ᠨᠢ ᠶᠢᠰᠦᠳᠦᠭᠡᠷ ᠶᠡᠬᠡ ᠬᠤᠷᠠᠯ ᠢᠶᠠᠨ ᠬᠤᠷᠠᠯᠳᠤᠭᠤᠯᠵᠤ ᠪᠠᠶᠢᠬᠤ ᠶᠣᠰᠣᠲᠠᠢ᠂ ᠳᠥᠷᠪᠡᠨ ᠶᠡᠬᠡ ᠬᠤᠷᠠᠯ ᠤᠨ ᠬᠤᠭᠤᠴᠠᠭ᠎ᠠ ᠥᠩᠭᠡᠷᠡᠭᠰᠡᠨ ᠪᠠᠶᠢᠨ᠎ᠠ᠃ ︽ᠶᠡᠬᠡ ᠡᠶ᠎ᠡ︾ ᠪᠡᠷ ᠬᠤᠷᠠᠯᠳᠤᠭᠠᠳ ᠮᠠᠷᠭᠤᠭᠠᠨ ᠳᠤ ᠡᠴᠦᠰ ᠦᠨ ᠴᠡᠭ ᠢᠶᠡᠨ ᠲᠠᠯᠪᠢᠨ᠎ᠠ᠃ ᠬᠠᠷᠢᠨ ᠲᠤᠬᠠᠢ ᠶᠢᠨ ᠨᠤᠲᠤᠭ ᠳᠡᠪᠢᠰᠬᠡᠷ ᠢ ᠬᠠᠷᠢᠭᠤᠴᠠᠵᠤ ᠪᠠᠶᠢᠭ᠎ᠠ ᠴᠠᠭᠳᠠᠭ᠎ᠠ ᠶᠢᠨ ᠪᠠᠶᠢᠭᠤᠯᠤᠯᠭ᠎ᠠ ᠠᠴᠠ ︽ᠡᠮᠦᠨ᠎ᠡ ᠦᠯᠦ ᠣᠶᠢᠯᠠᠭᠠᠯᠴᠠᠯ ᠪᠣᠯᠵᠤ ᠠᠰᠠᠭᠤᠳᠠᠯ ᠤᠳ ᠭᠠᠷᠴᠤ᠂ ᠮᠠᠨ ᠤ ᠳᠡᠭᠡᠷ᠎ᠡ ᠲᠣᠳᠣᠷᠬᠠᠢ ᠲᠣᠭᠠᠨ ᠤ ᠵᠥᠷᠢᠴᠡᠯ ᠦᠳ ᠰᠢᠯᠭᠠᠭᠳᠠᠵᠤ ᠪᠠᠶᠢᠭ᠎ᠠ᠃ ᠲᠠ ᠪᠦᠬᠦᠨ ᠣᠶᠢᠯᠠᠭᠠᠯᠴᠠᠵᠤ᠂ ᠨᠢᠭᠡ ᠣᠶᠢᠯᠠᠭᠠᠯᠲᠠᠨ ᠳᠤ ᠬᠦᠷᠦᠭᠰᠡᠨ ᠳᠦ ᠪᠠᠶᠠᠷᠲᠠᠢ ᠪᠠᠶᠢᠨ᠎ᠠ᠃ ᠭᠡᠬᠦ ᠳᠦ ᠪᠡᠨ ᠬᠠᠤᠯᠢ ᠳᠦᠷᠢᠮ ᠭᠡᠵᠦ ᠪᠤᠢ ᠤᠴᠢᠷ ᠠᠴᠠ ᠪᠥᠬᠡ ᠶᠢᠨ ᠬᠣᠯᠪᠣᠭᠠᠨ ᠤ ᠬᠣᠶᠠᠷ ᠭᠦᠢᠴᠡᠳᠭᠡᠬᠦ ᠵᠠᠬᠢᠷᠤᠯ ᠳᠤ ᠱᠠᠭᠠᠷᠳᠠᠯᠭ᠎ᠠ ᠪᠠᠨ ᠬᠦᠷᠭᠡᠭᠦᠯᠦᠨ᠎ᠡ᠃ ᠴᠠᠭᠠᠰᠢᠳᠠ ᠪᠥᠬᠡ ᠶᠢᠨ ᠥᠷᠭᠥᠭᠡ ᠲᠡᠢ ᠬᠣᠯᠪᠣᠭ᠎ᠠ ᠲᠠᠢ ᠵᠥᠷᠢᠴᠡᠯ ᠮᠠᠷᠭᠤᠭᠠᠨ ᠭᠠᠷᠬᠤ ᠦᠭᠡᠢ ᠭᠡᠵᠦ ᠪᠣᠳᠣᠵᠤ᠂ ᠠᠯᠪᠠᠨ ᠶᠣᠰᠣᠨ ᠤ ᠱᠠᠭᠠᠷᠳᠠᠯᠭ᠎ᠠ ᠶᠢ ᠬᠣᠯᠪᠣᠭᠳᠠᠬᠤ ᠬᠦᠮᠦᠰ ᠲᠦ ᠪᠠᠲᠤᠯᠠᠭᠠᠵᠢᠭᠤᠯᠤᠨ ᠬᠦᠷᠭᠡᠭᠦᠯᠵᠦ ᠪᠠᠶᠢᠨ᠎ᠠ᠃ ᠪᠥᠬᠡ ᠶᠢᠨ ᠥᠷᠭᠦᠭᠡᠨ ᠳᠦ ᠴᠢᠨᠠᠭᠰᠢᠳᠠ ᠪᠣᠯᠬᠤ ᠤᠷᠠᠯᠢᠭ ᠰᠤᠶᠤᠯ᠂ ᠰᠫᠣᠷᠲ ᠤᠨ ᠠᠷᠭ᠎ᠠ ᠬᠡᠮᠵᠢᠶ᠎ᠡ ᠨᠦᠭᠦᠳ ᠦᠨ ᠠᠶᠤᠯ ᠦᠭᠡᠢ ᠪᠠᠶᠢᠳᠠᠯ ᠢ ᠴᠠᠭᠳᠠᠭ᠎ᠠ ᠶᠢᠨ ᠪᠠᠶᠢᠭᠤᠯᠤᠯᠭ᠎ᠠ ᠠᠩᠬᠠᠷᠬᠤ ᠠᠵᠢᠯᠯᠠᠬᠤ ᠪᠣᠯᠤᠨ᠎ᠠ ᠭᠡᠯ᠎ᠡ᠃

ᠰᠡᠳᠬᠢᠭᠳᠡᠯ ᠦᠯᠡᠳᠡᠭᠡᠬᠦ