ᠨ∙ᠲᠡᠭᠦᠰᠴᠤᠭᠲᠤ ᠮᠡᠷᠭᠡᠵᠢᠯ ᠦᠨ ᠪᠣᠺᠰ ᠤᠨ ᠠᠪᠤᠷᠭᠤ ᠪᠣᠯᠪᠠ | News.MN

ᠨ∙ᠲᠡᠭᠦᠰᠴᠤᠭᠲᠤ ᠮᠡᠷᠭᠡᠵᠢᠯ ᠦᠨ ᠪᠣᠺᠰ ᠤᠨ ᠠᠪᠤᠷᠭᠤ ᠪᠣᠯᠪᠠ

ᠮᠣᠩᠭᠣᠯ ᠤᠯᠤᠰ ᠤᠨ ᠭᠠᠪᠢᠶᠠᠲᠤ ᠲᠠᠮᠢᠷᠴᠢᠨ᠂ ᠣᠯᠢᠮᠫ᠂ ᠳᠡᠯᠡᠬᠡᠢ ᠶᠢᠨ ᠠᠪᠤᠷᠭᠤ ᠶᠢᠨ ᠮᠥᠩᠭᠥᠨ ᠮᠸᠳᠠᠯᠲᠤ ᠨ∙ᠲᠡᠭᠦᠰᠴᠤᠭᠲᠤ ᠮᠡᠷᠭᠡᠵᠢᠯ ᠦᠨ ᠪᠣᠺᠰ ᠤᠨ IBO ᠬᠣᠯᠪᠣᠭᠠᠨ ᠤ ᠠᠪᠤᠷᠭᠤ ᠶᠢᠨ ᠪᠥᠰᠡ ᠶᠢᠨ ᠡᠵᠡᠨ ᠪᠣᠯᠤᠯ᠎ᠠ᠃
ᠲᠡᠷᠡ ᠪᠡᠷ ᠳ᠋ᠤᠮᠢᠨᠢᠺᠠᠨ ᠤ ᠪᠣᠺᠰᠴᠢᠨ ᠺᠯᠠᠦ᠋ᠳᠢᠣ᠋ ᠮᠠᠷᠷᠸᠢᠢᠷᠤ᠋ ᠲᠠᠢ ᠠᠮᠧᠷᠢᠺᠠ ᠶᠢᠨ ᠨᠢᠦ᠋- ᠶᠤᠷᠺ ᠬᠣᠲᠠ ᠶᠢᠨ Barclays Center ᠍ ᠳᠦ 12 ᠦᠶ᠎ᠡ ᠲᠤᠯᠤᠯᠳᠤᠵᠤ᠂ ᠣᠨᠣᠭᠣᠨ ᠤ ᠢᠯᠡᠭᠦᠦ ᠪᠡᠷ ᠢᠯᠠᠯᠲᠠ ᠪᠠᠶᠢᠭᠤᠯᠤᠯ᠎ᠠ᠃ Barclays Center ᠍ ᠳᠦ ᠮᠣᠩᠭᠣᠯ ᠤᠨ 200 ᠭᠠᠷᠤᠢ ᠬᠥᠭᠵᠢᠶᠡᠨ ᠳᠡᠮᠵᠢᠭᠴᠢᠳ ᠴᠤᠭᠯᠠᠨ ᠤᠤᠬᠠᠢ ᠬᠡᠮᠡᠨ ᠳᠡᠮᠵᠢᠵᠦ ᠪᠠᠶᠢᠭᠰᠠᠨ ᠶᠤᠮ᠃ ᠬᠥᠭᠵᠢᠶᠡᠨ ᠳᠡᠮᠵᠢᠭᠴᠢᠳ ᠦᠨ ᠳᠤᠮᠳᠠ ᠣᠯᠢᠮᠫ ᠤᠨ ᠠᠪᠤᠷᠭᠤ ᠡ᠊∙ᠪᠠᠳᠠᠷ-ᠤᠤᠭᠠᠨ᠂ ᠠᠪᠤᠷᠭᠤ ᠴ∙ᠰᠠᠩᠵᠠᠶᠢᠳᠠᠮᠪᠠ᠂ ᠵᠦᠴᠦᠭᠡᠴᠢᠨ ᠡ᠊∙ᠴᠣᠯᠮᠣᠨᠪᠠᠶᠠᠷ ᠪᠣᠯᠤᠨ ᠠᠮᠧᠷᠢᠺᠠ  ᠳᠦ ᠠᠵᠢᠯᠯᠠᠵᠤ᠂ ᠠᠮᠢᠳᠤᠷᠠᠵᠤ ᠪᠤᠢ ᠴᠢᠯᠦᠭᠡᠲᠦ ᠪᠥᠬᠡ ᠶᠢᠨ ᠲᠠᠮᠢᠷᠴᠢᠳ ᠪᠣᠯᠬᠤ ᠯ∙ᠰᠡᠷᠭᠦᠯᠡᠩᠪᠠᠭᠠᠲᠤᠷ᠂ ᠳ∙ᠯᠾᠬᠠᠪᠠᠳᠤᠷᠵᠢ ᠨᠠᠷ ᠪᠠᠶᠢᠪᠠ᠃

ᠰᠡᠳᠬᠢᠭᠳᠡᠯ ᠦᠯᠡᠳᠡᠭᠡᠬᠦ