ᠤᠯᠠᠭᠠᠨ ᠪᠤᠭᠤᠳᠠᠢ ᠳᠤ ᠤᠷᠮᠠᠰᠢᠭᠤᠯᠤᠯ ᠣᠯᠭᠤᠨ᠎ᠠ | News.MN

ᠤᠯᠠᠭᠠᠨ ᠪᠤᠭᠤᠳᠠᠢ ᠳᠤ ᠤᠷᠮᠠᠰᠢᠭᠤᠯᠤᠯ ᠣᠯᠭᠤᠨ᠎ᠠ

ᠵᠠᠰᠠᠭ ᠤᠨ ᠭᠠᠵᠠᠷ ᠠᠴᠠ ᠳᠣᠲᠣᠭᠠᠳᠤ ᠶᠢᠨ ᠭᠤᠯᠢᠷ ᠤᠨ ᠦᠢᠯᠡᠳᠪᠦᠷᠢ᠂ ᠲᠠᠷᠢᠶᠠᠯᠠᠩ ᠡᠷᠬᠢᠯᠡᠯᠲᠡ ᠶᠢ ᠳᠡᠮᠵᠢᠬᠦ ᠰᠠᠩ᠂ ᠤᠯᠤᠰ ᠤᠨ ᠨᠥᠭᠡᠴᠡ ᠶᠢᠨ ᠰᠠᠯᠪᠤᠷᠢ ᠳᠤ ᠨᠡᠶᠢᠯᠡᠭᠦᠯᠦᠭᠰᠡᠨ ᠰᠲ᠋ᠠᠨᠳᠠᠷᠲ ᠤᠨ I-III ᠠᠩᠭᠢᠯᠠᠯ ᠤᠨ ᠱᠠᠭᠠᠷᠳᠠᠯᠭ᠎ᠠ ᠬᠠᠩᠭᠠᠭᠰᠠᠨ ᠬᠦᠨᠡᠰᠦᠨ ᠦ ᠤᠯᠠᠭᠠᠨ ᠪᠤᠭᠤᠳᠠᠢ ᠶᠢᠨ ᠲᠣᠨ ᠲᠤᠲᠤᠮ ᠳᠤ 45500 ᠲᠥᠭᠥᠷᠢᠭ᠂ IV ᠠᠩᠭᠢᠯᠠᠯ ᠤᠨ ᠬᠢ ᠪᠣᠯ 41000 ᠲᠥᠭᠥᠷᠢᠭ ᠦᠨ ᠤᠷᠮᠠᠰᠢᠭᠤᠯᠤᠯ ᠣᠯᠭᠤᠬᠤ ᠪᠠᠷ ᠪᠣᠯᠪᠠ᠃ ᠥᠩᠭᠡᠷᠡᠭᠰᠡᠨ ᠣᠨ ᠳᠤ ᠤᠯᠤᠰ ᠤᠨ ᠬᠡᠮᠵᠢᠶᠡᠨ ᠳᠦ 343.9 ᠮᠢᠩᠭᠠᠨ ᠭᠠ ᠲᠠᠯᠠᠪᠠᠢ ᠳᠤ ᠤᠯᠠᠭᠠᠨ ᠪᠤᠭᠤᠳᠠᠢ ᠲᠠᠷᠢᠶᠠᠯᠠᠵᠤ᠂ 428.6 ᠮᠢᠩᠭᠠᠨ ᠲᠣᠨ ᠤᠷᠭᠤᠴᠠ ᠬᠤᠷᠢᠶᠠᠨ ᠠᠪᠤᠭᠰᠠᠨ ᠪᠥᠭᠡᠳ ᠰᠲ᠋ᠠᠨᠳᠠᠷᠲ ᠤᠨ ᠱᠠᠭᠠᠷᠳᠠᠯᠭ᠎ᠠ ᠬᠠᠩᠭᠠᠭᠰᠠᠨ 280 ᠮᠢᠩᠭᠠᠨ ᠲᠣᠨ ᠤᠯᠠᠭᠠᠨ ᠪᠤᠭᠤᠳᠠᠢ ᠨᠡᠶᠢᠯᠡᠭᠦᠯᠦᠭᠰᠡᠨ ᠳ᠋ᠦᠩ ᠭᠠᠷᠴᠠᠢ᠃ ᠡᠨᠡ ᠨᠢ ᠳᠣᠲᠣᠭᠠᠳᠤ ᠶᠢᠨ ᠭᠤᠯᠢᠷ ᠤᠨ ᠬᠡᠷᠡᠭᠴᠡᠭᠡ ᠶᠢ ᠬᠠᠩᠭᠠᠬᠤ ᠬᠡᠮᠵᠢᠶᠡᠨ ᠦ ᠨᠥᠭᠡᠴᠡ ᠪᠦᠷᠢᠳᠦᠭᠰᠡᠨ ᠭᠡᠰᠡᠨ ᠦᠭᠡ ᠶᠤᠮ᠃

ᠰᠡᠳᠬᠢᠭᠳᠡᠯ ᠦᠯᠡᠳᠡᠭᠡᠬᠦ