ᠱ∙ᠠᠯᠲᠠᠨᠲᠤᠶᠠᠭ᠎ᠠ ᠶᠢᠨ ᠬᠡᠷᠡᠭ ᠲᠦ ᠠᠩᠬᠠᠷᠤᠯ ᠬᠠᠨᠳᠤᠭᠤᠯᠵᠤ ᠪᠠᠶᠢᠭ᠎ᠠ | News.MN

ᠱ∙ᠠᠯᠲᠠᠨᠲᠤᠶᠠᠭ᠎ᠠ ᠶᠢᠨ ᠬᠡᠷᠡᠭ ᠲᠦ ᠠᠩᠬᠠᠷᠤᠯ ᠬᠠᠨᠳᠤᠭᠤᠯᠵᠤ ᠪᠠᠶᠢᠭ᠎ᠠ

ᠭᠠᠳᠠᠭᠠᠳᠤ ᠬᠠᠷᠢᠯᠴᠠᠭᠠᠨ ᠤ ᠰᠠᠶᠢᠳ ᠳ∙ᠴᠣᠭᠲᠤᠪᠠᠭᠠᠲᠤᠷ ᠠᠴᠠ ᠵᠠᠷᠢᠮ ᠠᠰᠠᠭᠤᠯᠲᠠ ᠳᠤ ᠬᠠᠷᠢᠭᠤᠯᠲᠠ ᠠᠪᠤᠯ᠎ᠠ᠃
– ᠨ∙ᠴᠢᠮᠡᠭᠦᠨᠳᠠᠷᠢ᠂ ᠪ∙ᠬᠤᠷᠴᠠ᠂ ᠪ∙ᠲᠩᠷᠢ ᠨᠠᠷ ᠢ ᠡᠯᠴᠢᠨ ᠰᠠᠶᠢᠳ ᠢᠶᠠᠷ ᠲᠤᠮᠢᠯᠠᠬᠤ ᠠᠰᠠᠭᠤᠳᠠᠯ ᠥᠩᠭᠡᠷᠡᠭᠰᠡᠨ ᠵᠤᠨ ᠠᠴᠠ ᠬᠣᠶᠢᠰᠢ ᠶᠠᠷᠢᠵᠤ ᠪᠠᠶᠢᠭ᠎ᠠ ᠪᠣᠯᠪᠠᠴᠤ ᠣᠳᠣ ᠪᠣᠯᠲᠠᠯ᠎ᠠ ᠰᠢᠢᠳᠪᠦᠷᠢᠯᠡᠵᠦ ᠴᠢᠳᠠᠬᠤ ᠦᠭᠡᠢ ᠪᠠᠶᠢᠭ᠎ᠠ᠃ ᠡᠨᠡ ᠠᠰᠠᠭᠤᠳᠠᠯ ᠢ ᠬᠡᠵᠢᠶ᠎ᠡ ᠰᠢᠢᠳᠪᠦᠷᠢᠯᠡᠬᠦ ᠪᠤᠢ︖
– ᠨ∙ᠴᠢᠮᠡᠭᠦᠨᠳᠠᠷᠢ᠂ ᠪ∙ᠬᠤᠷᠴᠠ᠂ ᠪ∙ᠲᠩᠷᠢ ᠨᠠᠷ ᠢ ᠡᠯᠴᠢᠨ ᠰᠠᠶᠢᠳ ᠠᠴᠠ ᠲᠠᠲᠠᠭᠠᠳ ᠣᠷᠣᠨ ᠳᠤ ᠨᠢ ᠰᠢᠨ᠎ᠡ ᠡᠯᠴᠢᠨ ᠰᠠᠶᠢᠳ ᠣᠷᠣᠭᠤᠯᠬᠤ ᠪᠠᠷ ᠶᠠᠷᠢᠵᠤ ᠪᠠᠶᠢᠨ᠎ᠠ᠃ ᠳᠡᠭᠡᠷ᠎ᠡ ᠨᠢ ᠤᠭ ᠠᠴᠠ ᠪᠠᠨ ᠪᠢᠳᠡᠨ ᠦ ᠲᠤᠮᠢᠯᠠᠬᠤ ᠶᠣᠰᠣᠲᠠᠢ ᠡᠯᠴᠢᠨ ᠰᠠᠶᠢᠳ ᠨᠠᠷ ᠤᠨ ᠠᠰᠠᠭᠤᠳᠠᠯ ᠪᠠᠶᠢᠭ᠎ᠠ᠃ ᠭᠠᠳᠠᠭᠠᠳᠤ ᠬᠠᠷᠢᠯᠴᠠᠭᠠᠨ ᠤ ᠶᠠᠮᠤᠨ ᠡᠨᠡ ᠪᠦᠬᠦ ᠡᠯᠴᠢᠨ ᠰᠠᠶᠢᠳ ᠨᠠᠷ ᠤᠨ ᠠᠰᠠᠭᠤᠳᠠᠯ ᠢ ᠨᠢᠭᠡᠳᠬᠡᠵᠦ ᠣᠷᠣᠭᠤᠯᠬᠤ ᠪᠠᠷ ᠠᠵᠢᠯᠯᠠᠵᠤ ᠪᠠᠶᠢᠨ᠎ᠠ᠃ ᠣᠶᠢᠷ᠎ᠠ ᠶᠢᠨ ᠬᠤᠭᠤᠴᠠᠭᠠᠨ ᠳᠤ ᠪᠢᠳᠡ ᠰᠢᠨ᠎ᠡ ᠡᠯᠴᠢᠨ ᠰᠠᠶᠢᠳ ᠨᠠᠷ ᠤᠨ ᠨᠡᠷ᠎ᠡ ᠶᠢ ᠣᠷᠣᠭᠤᠯᠵᠤ ᠢᠷᠡᠨ᠎ᠡ᠃
– ᠨ∙ᠴᠢᠮᠡᠭᠦᠨᠳᠠᠷᠢ᠂ ᠪ∙ᠬᠤᠷᠴᠠ᠂ ᠪ∙ᠲᠩᠷᠢ ᠨᠠᠷ ᠤᠨ ᠣᠷᠣᠨ ᠳᠤ ᠶᠠᠮᠠᠷ ᠶᠠᠮᠠᠷ ᠬᠦᠮᠦᠰ ᠢ ᠲᠣᠮᠢᠯᠠᠬᠤ ᠪᠠᠷ ᠶᠠᠷᠢᠵᠤ ᠪᠠᠶᠢᠭ᠎ᠠ ᠪᠤᠢ᠃ ᠰᠢᠨ᠎ᠡ ᠬᠦᠮᠦᠰ ᠣᠷᠣᠭᠤᠯᠵᠤ ᠢᠷᠡᠬᠦ ᠦᠦ︖
– ᠲᠡᠭᠡᠨ᠎ᠡ᠃ ᠣᠳᠣ ᠪᠠᠷ ᠨᠡᠷᠡᠰ ᠢ ᠨᠢ ᠬᠡᠯᠡᠬᠦ ᠪᠣᠯᠤᠮᠵᠢ ᠦᠭᠡᠢ ᠪᠠᠶᠢᠨ᠎ᠠ᠃ ᠶᠠᠪᠤᠬᠤ ᠣᠷᠣᠨ᠂ ᠶᠠᠪᠤᠬᠤ ᠬᠦᠮᠦᠰ ᠦᠨ ᠬᠤᠪᠢᠶᠠᠷᠢ ᠰᠣᠯᠢᠭᠳᠠᠬᠤ ᠮᠠᠭᠠᠳᠯᠠᠯ ᠲᠠᠢ᠃ ᠶᠠᠮᠠᠷ ᠴᠤ ᠪᠠᠶᠢᠭᠰᠠᠨ ᠶᠠᠮᠤᠨ ᠤ ᠪᠠᠨ ᠲᠥᠪᠰᠢᠨ ᠳᠦ ᠰᠠᠨᠠᠯ ᠢᠶᠠᠨ ᠪᠣᠯᠪᠠᠰᠤᠷᠠᠭᠤᠯᠴᠢᠬᠠᠭᠰᠠᠨ ᠪᠠᠶᠢᠭ᠎ᠠ᠃
– ᠬᠤᠭᠤᠴᠠᠭ᠎ᠠ ᠨᠢ ᠳᠠᠭᠤᠰᠤᠭᠰᠠᠨ ᠬᠡᠳᠦᠨ ᠡᠯᠴᠢᠨ ᠰᠠᠶᠢᠳ ᠪᠠᠶᠢᠭ᠎ᠠ ᠪᠤᠢ︖
– ᠠᠷᠪᠠᠭᠠᠳ ᠡᠯᠴᠢᠨ ᠰᠠᠶᠢᠳ ᠤᠨ ᠠᠰᠠᠭᠤᠳᠠᠯ ᠶᠠᠷᠢᠭᠳᠠᠨ᠎ᠠ᠃
– ᠮᠠᠨ ᠤ ᠬᠢ ᠲᠠᠢ ᠬᠠᠷᠢᠯᠴᠠᠭ᠎ᠠ ᠰᠠᠶᠢᠲᠠᠢ ᠣᠷᠣᠨ ᠨᠤᠭᠤᠳ ᠲᠤ ᠡᠯᠴᠢᠨ ᠰᠠᠶᠢᠳ ᠢᠶᠠᠨ ᠲᠣᠮᠢᠯᠠᠵᠤ ᠴᠢᠳᠠᠬᠤ ᠦᠭᠡᠢ ᠪᠠᠶᠢᠭ᠎ᠠ ᠨᠢ ᠶᠠᠮᠠᠷ ᠦᠷ᠎ᠡ ᠳᠠᠭᠠᠪᠤᠷᠢ ᠲᠠᠢ ᠪᠤᠢ︖
– ᠳ᠋ᠢᠫᠯᠣᠮᠠᠲ ᠠᠯᠪᠠᠨ ᠤ ᠦᠢᠯᠡ ᠠᠵᠢᠯᠯᠠᠭ᠎ᠠ ᠬᠡᠵᠢᠶ᠎ᠡ ᠴᠤ ᠲᠠᠰᠤᠯᠳᠠᠳᠠᠭ ᠦᠭᠡᠢ᠃ ᠡᠯᠴᠢᠨ ᠰᠠᠶᠢᠳ ᠨᠢ ᠲᠣᠮᠢᠯᠠᠭᠳᠠᠬᠤ ᠳᠤ ᠲᠣᠳᠣᠷᠬᠠᠢ ᠴᠠᠭ ᠬᠤᠭᠤᠴᠠᠭ᠎ᠠ ᠣᠷᠣᠨ᠎ᠠ᠃ ᠡᠨᠡ ᠬᠣᠭᠣᠷᠣᠨᠳᠣ ᠲᠦᠷ ᠬᠠᠮᠢᠶᠠᠷᠤᠭᠴᠢ ᠠᠵᠢᠯᠯᠠᠭᠠᠳ ᠲᠥᠷᠥ ᠶᠢᠨ ᠠᠵᠢᠯ ᠲᠠᠰᠤᠯᠳᠠᠬᠤ ᠦᠭᠡᠢ ᠶᠠᠪᠤᠵᠤ ᠪᠠᠶᠢᠳᠠᠭ᠃ ᠠᠦᠢᠰᠲᠷᠠᠯᠢᠶ᠎ᠠ᠂ ᠲᠠᠶᠢᠯᠠᠨᠳ᠋ ᠤᠨ ᠡᠯᠴᠢᠨ ᠰᠠᠶᠢᠳ ᠨᠠᠷ ᠨᠢ ᠣᠳᠣ ᠠᠵᠢᠯᠯᠠᠵᠤ ᠪᠠᠶᠢᠭ᠎ᠠ᠃ ᠪᠤᠴᠠᠭᠠᠵᠤ ᠡᠷᠭᠢᠭᠦᠯᠦᠨ ᠲᠠᠲᠠᠭ᠎ᠠ ᠦᠭᠡᠢ ᠪᠠᠶᠢᠭᠰᠠᠨ᠃
– ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠳᠦ ᠡᠯᠰᠡᠬᠦ ᠠᠰᠠᠭᠤᠳᠠᠯ ᠶᠠᠭᠤ ᠪᠣᠯᠤᠭᠰᠠᠨ ᠪᠤᠢ ︖
– ᠤᠭ ᠠᠰᠠᠭᠤᠳᠠᠯ ᠢ ᠰᠤᠳᠤᠯᠤᠭᠠᠴᠢᠳ ᠰᠤᠳᠤᠯᠵᠤ ᠪᠠᠶᠢᠨ᠎ᠠ᠃ ᠣᠯᠠᠨ ᠨᠡᠶᠢᠲᠡ ᠪᠡᠷ ᠢᠯᠡ ᠲᠣᠳᠣ ᠬᠡᠯᠡᠯᠴᠡᠭᠦᠯᠵᠦ ᠳᠠᠷᠠᠭ᠎ᠠ ᠨᠢ ᠤᠯᠤᠰ ᠤᠨ ᠶᠡᠬᠡ ᠬᠤᠷᠠᠯ ᠢᠶᠠᠷ ᠣᠷᠣᠭᠰᠠᠨ ᠤ ᠳᠠᠷᠠᠭ᠎ᠠ ᠰᠢᠢᠳᠦᠭᠳᠡᠨ᠎ᠡ᠃
– ᠰᠠᠶᠢᠳ ᠤᠨ ᠬᠤᠪᠢ ᠳᠤ ᠶᠠᠮᠠᠷ ᠪᠠᠶᠢᠷᠢ ᠰᠠᠭᠤᠷᠢ ᠲᠠᠢ ᠪᠠᠶᠢᠨ᠎ᠠ ᠪᠤᠢ
– ᠰᠤᠳᠤᠯᠭᠠᠨ ᠳᠤ ᠲᠤᠯᠭᠠᠭᠤᠷᠢᠯᠠᠵᠤ ᠰᠢᠢᠳᠪᠦᠷᠢ ᠪᠡᠨ ᠭᠠᠷᠭᠠᠨ᠎ᠠ᠃ ᠲᠡᠭᠦᠨ ᠡᠴᠡ ᠪᠢᠰᠢ ᠰᠡᠳᠬᠢᠯ ᠦᠨ ᠬᠥᠭᠡᠷᠦᠯ ᠢᠶᠡᠷ ᠰᠢᠢᠳᠪᠦᠷᠢ ᠭᠠᠷᠭᠠᠬᠤ ᠦᠭᠡᠢ᠃ ᠮᠣᠩᠭᠣᠯ ᠤᠯᠤᠰ ᠤᠨ ᠲᠤᠰᠠᠭᠠᠷ ᠲᠣᠭᠲᠠᠨᠢᠯ᠂ ᠠᠶᠤᠯ ᠦᠭᠡᠢ ᠪᠠᠶᠢᠳᠠᠯ ᠳᠤ ᠶᠠᠭᠤ ᠴᠢᠬᠤᠯᠠ ᠪᠠᠶᠢᠨ᠎ᠠ᠂ ᠲᠡᠭᠦᠨ ᠳᠦ ᠰᠠᠭᠤᠷᠢᠯᠠᠵᠤ ᠰᠢᠢᠳᠪᠦᠷᠢ ᠭᠠᠷᠭᠠᠨ᠎ᠠ᠃

– ᠱ∙ᠠᠯᠲᠠᠨᠲᠤᠶᠠᠭ᠎ᠠ ᠶᠢᠨ ᠠᠮᠢ ᠨᠠᠰᠤ ᠶᠢ ᠬᠤᠷᠤᠭᠠᠭᠰᠠᠨ ᠬᠡᠷᠡᠭ ᠦᠨ ᠰᠢᠭᠦᠬᠦ ᠬᠤᠷᠠᠯ ᠳᠤ ᠮᠠᠨ ᠤ ᠤᠯᠤᠰ ᠠᠴᠠ ᠬᠡᠷᠬᠢᠨ ᠠᠩᠬᠠᠷᠤᠯ ᠲᠠᠯᠪᠢᠵᠤ ᠪᠠᠶᠢᠭ᠎ᠠ ᠪᠤᠢ︖
–  ᠪᠠᠩᠺᠤᠺ ᠳᠠᠬᠢ ᠮᠠᠨ ᠤ ᠡᠯᠴᠢᠨ ᠰᠠᠶᠢᠳ ᠤᠨ ᠶᠠᠮᠤᠨ ᠠᠴᠠ ᠲᠥᠯᠥᠭᠡᠯᠡᠭᠴᠢ ᠰᠢᠭᠦᠬᠦ ᠬᠤᠷᠠᠯ ᠳᠤ ᠣᠷᠣᠯᠴᠠᠵᠤ ᠪᠠᠶᠢᠨ᠎ᠠ᠃ ᠪᠣᠳᠣᠯᠭ᠎ᠠ ᠶᠢᠨ ᠠᠷᠭ᠎ᠠ ᠬᠡᠮᠵᠢᠶ᠎ᠡ ᠨᠦᠭᠦᠳ ᠠᠪᠴᠤ ᠬᠡᠷᠡᠭᠵᠢᠭᠦᠯᠦᠭᠰᠡᠨ᠃ ᠡᠨᠡ ᠪᠦᠬᠦᠨ ᠢ ᠳᠤᠷᠠᠳᠬᠤ ᠱᠠᠭᠠᠷᠳᠠᠯᠭ᠎ᠠ ᠦᠭᠡᠢ᠃ ᠥᠩᠭᠡᠷᠡᠭᠰᠡᠨ ᠬᠤᠭᠤᠴᠠᠭᠠᠨ ᠳᠤ ᠮᠠᠯᠠᠶᠢᠰᠢᠶ᠎ᠠ ᠶᠢᠨ ᠲᠠᠯ᠎ᠠ ᠳᠤ ᠲᠠᠭᠠᠯᠠᠮᠵᠢ ᠦᠭᠡᠢ ᠬᠠᠨᠳᠤᠵᠤ ᠪᠠᠶᠢᠭ᠎ᠠ ᠪᠠᠨ ᠮᠡᠳᠡᠷᠡᠭᠦᠯᠬᠦᠶᠢᠴᠡ ᠪᠦᠬᠦ ᠠᠷᠭ᠎ᠠ ᠬᠡᠮᠵᠢᠶ᠎ᠡ ᠶᠢ ᠳ᠋ᠢᠫᠯᠣᠮᠠᠲ ᠬᠡᠯᠪᠡᠷᠢ ᠪᠡᠷ ᠠᠪᠴᠤ ᠪᠠᠶᠢᠭᠰᠠᠨ᠃

ᠰᠡᠳᠬᠢᠭᠳᠡᠯ ᠦᠯᠡᠳᠡᠭᠡᠬᠦ