ᠮᠣᠩᠭᠣᠯ ᠤᠯᠤᠰ ᠤᠨ ᠬᠦᠮᠦᠨ ᠠᠮᠠ ᠶᠢᠨ ᠠᠮᠢᠵᠢᠷᠠᠭᠠᠨ ᠤ ᠳᠤᠤᠷᠠᠳᠤ ᠲᠦᠪᠰᠢᠨ ᠢ ᠲᠣᠳᠣᠷᠬᠠᠶᠢᠯᠠᠬᠤ ᠲᠤᠬᠠᠢ ᠬᠠᠤᠯᠢ ᠶᠢᠨ ᠲᠠᠪᠤᠳᠤᠭᠠᠷ ᠵᠦᠢᠯ ᠳᠦ ︽ᠬᠦᠮᠦᠨ ᠠᠮᠠ ᠶᠢᠨ ᠠᠮᠢᠵᠢᠷᠠᠭᠠᠨ ᠤ ᠳᠤᠤᠷᠠᠳᠤ ᠲᠦᠪᠰᠢᠨ ᠢ ᠬᠡᠷᠡᠭᠯᠡᠭᠡᠨ ᠦ ᠳᠤᠤᠷᠠᠳᠤ ᠬᠡᠮᠵᠢᠶ᠎ᠡ ᠶᠢ ᠦᠨᠳᠦᠰᠦᠯᠡᠨ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠲᠣᠳᠣᠷᠬᠠᠶᠢᠯᠠᠨ᠎ᠠ︾ ᠭᠡᠵᠦ ᠵᠢᠭᠠᠭᠰᠠᠨ ᠪᠠᠶᠢᠳᠠᠭ᠃ ᠡᠭᠦᠨ ᠦ ᠳᠠᠭᠠᠤ ᠡᠨᠡ ᠣᠨ ᠳᠤ ᠮᠦᠷᠳᠡᠬᠦ ᠬᠦᠮᠦᠨ ᠠᠮᠠ ᠶᠢᠨ ᠠᠮᠢᠵᠢᠷᠠᠭᠠᠨ ᠤ ᠳᠤᠤᠷᠠᠳᠤ ᠲᠦᠪᠰᠢᠨ ᠢ ᠰᠢᠨᠡᠴᠢᠯᠡᠨ ᠲᠤᠭᠲᠠᠭᠠᠵᠠᠢ ᠃
ᠤᠯᠠᠭᠠᠨᠪᠠᠭᠠᠲᠤᠷ ᠬᠣᠲᠠ ᠶᠢᠨ ᠠᠮᠢᠵᠢᠷᠠᠭᠠᠨ ᠤ ᠳᠤᠤᠷᠠᠳᠤ ᠲᠦᠪᠰᠢᠨ ᠢ 217 900 ᠲᠥᠭᠥᠷᠢᠭ᠂ ᠪᠠᠷᠠᠭᠤᠨ ᠪᠥᠰᠡ ᠳᠦ 190 700 ᠲᠥᠭᠥᠷᠢᠭ᠂ ᠬᠠᠩᠭᠠᠢ ᠶᠢᠨ ᠪᠥᠰᠡ ᠳᠦ 194 300 ᠲᠥᠭᠥᠷᠢᠭ᠂ ᠲᠥᠪ ᠦᠨ ᠪᠥᠰᠡ ᠳᠦ 187 100 ᠲᠥᠭᠥᠷᠢᠭ᠂ ᠵᠡᠭᠦᠨ ᠪᠥᠰᠡ ᠳᠦ 187 600 ᠲᠥᠭᠥᠷᠢᠭ ᠪᠠᠶᠢᠬᠤ ᠪᠠᠷ ᠲᠣᠭᠲᠠᠭᠠᠭᠰᠠᠨ ᠪᠠᠶᠢᠨ᠎ᠠ᠃ ᠡᠭᠦᠨ ᠢ ᠢᠷᠡᠬᠦ ᠬᠣᠶᠠᠳᠤᠭᠠᠷ ᠰᠠᠷ᠎ᠠ ᠶᠢᠨ 01 ᠡᠴᠡ ᠮᠥᠷᠳᠡᠬᠦ ᠠᠵᠠᠢ ᠃ ᠬᠦᠮᠦᠨ ᠠᠮᠠ ᠶᠢᠨ ᠠᠮᠢᠵᠢᠷᠠᠭᠠᠨ ᠣ ᠳᠤᠤᠷᠠᠳᠤ ᠲᠦᠪᠰᠢᠨ ᠢ ᠬᠥᠳᠡᠯᠮᠦᠷᠢ ᠶᠢᠨ ᠬᠥᠯᠥᠰᠥ᠂ ᠨᠡᠶᠢᠭᠡᠮ ᠤᠨ ᠳᠠᠭᠠᠳᠬᠠᠯ ᠪᠣᠯᠤᠨ ᠨᠡᠶᠢᠭᠡᠮ ᠤᠨ ᠬᠠᠯᠠᠮᠵᠢ ᠶᠢᠨ ᠰᠠᠩ ᠠᠴᠠ ᠣᠯᠭᠣᠬᠤ ᠲᠡᠳᠬᠦᠪᠦᠷᠢ ᠲᠡᠳᠬᠦᠮᠵᠢ᠂ ᠬᠠᠯᠠᠮᠵᠢ ᠶᠢᠨ ᠬᠡᠮᠵᠢᠶ᠎ᠡ ᠶᠢ ᠲᠣᠭᠲᠠᠭᠠᠬᠤ᠂ ᠲᠥᠷᠥ ᠡᠴᠡ ᠢᠷᠭᠡᠳ ᠲᠦ ᠡᠳ᠋ ᠮᠥᠩᠭᠥᠨ ᠦ ᠲᠤᠰᠠᠯᠠᠯᠴᠠᠭ᠎ᠠ ᠦᠵᠡᠭᠦᠯᠬᠦ ᠳᠦ ᠵᠢᠱᠢᠭ ᠦᠵᠡᠭᠦᠯᠦᠯᠲᠡ ᠪᠣᠯᠭᠠᠨ ᠠᠰᠢᠭᠯᠠᠳᠠᠭ᠃
ᠰᠠᠢᠢᠬᠠᠨ ᠪᠠᠢᠢᠨ ᠠ 2019-01-23 202.21.102.226
ᠮᠣᠩᠭᠣᠯ ᠪᠢᠴᠢᠭ ᠮᠢᠨᠣ ᠴᠠᠬᠢᠮ ᠣᠷᠴᠢᠨ ᠳᠦ ᠶᠡᠬᠡ ᠰᠠᠢᠢᠬᠠᠨ ᠬᠠᠷᠠᠭᠳᠠᠵᠣ ᠪᠠᠢᠢᠨ ᠠ᠃ ᠡᠭᠦᠨ ᠢ ᠣᠯᠠᠮ ᠦᠷᠭᠡᠨ ᠳᠡᠭᠯᠡᠷᠡᠭᠦᠯᠬᠦ ᠬᠡᠷᠡᠭᠲᠡᠢ ᠰᠢᠦ᠃