︽ ᠹᠤᠲᠽᠠᠯ ᠤᠨ ᠦᠨᠳᠦᠰᠦᠨ ᠦ ᠴᠣᠮᠣ 2019︾ ᠲᠡᠮᠡᠴᠡᠭᠡᠨ ᠪᠤᠯᠤᠨ᠎ᠠ | News.MN

︽ ᠹᠤᠲᠽᠠᠯ ᠤᠨ ᠦᠨᠳᠦᠰᠦᠨ ᠦ ᠴᠣᠮᠣ 2019︾ ᠲᠡᠮᠡᠴᠡᠭᠡᠨ ᠪᠤᠯᠤᠨ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠢᠪᠡᠭᠡᠯ ᠳᠣᠣᠷ᠎ᠠ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠤᠭᠳᠠᠳᠠᠭ 21 ᠠᠶᠢᠮᠠᠭ ᠤᠨ ᠠᠪᠤᠷᠭᠤ ᠰᠢᠯᠭᠠᠷᠠᠭᠤᠯᠬᠤ ︽ᠹᠤᠲᠽᠠᠯ  ᠤᠨ ᠦᠨᠳᠦᠰᠦᠨ ᠦ ᠴᠣᠮᠣ︾᠍  ᠶᠢᠨ  ᠰᠤᠭᠤᠯᠤᠭ᠎ᠠ ᠪᠣᠯᠵᠤ ᠥᠩᠭᠡᠷᠡᠯ᠎ᠡ᠃ ᠰᠡᠯᠡᠩᠭᠡ ᠠᠶᠢᠮᠠᠭ ᠲᠤ ᠨᠢᠭᠡᠳᠦᠭᠡᠷ ᠰᠠᠷ᠎ᠠ ᠶᠢᠨ 22-30 ᠍ ᠤ ᠬᠣᠭᠣᠷᠣᠨᠳᠣ  ︽ᠳᠡᠭᠡᠳᠦ ᠱᠠᠲᠤ︾᠂  ︽ᠨᠢᠭᠡᠳᠦᠭᠡᠷ ᠱᠠᠲᠤ︾ ᠭᠡᠰᠡᠨ ᠬᠣᠶᠠᠷ ᠱᠠᠲᠤᠯᠠᠯᠲᠠᠢ ᠪᠠᠷ ᠪᠣᠯᠬᠤ ︽ᠹᠤᠲᠽᠠᠯ ᠤᠨ ᠦᠨᠳᠦᠰᠦᠨ ᠦ ᠴᠣᠮᠣ 2019︾ ᠲᠡᠮᠡᠴᠡᠭᠡᠨ ᠳᠦ ᠨᠡᠶᠢᠲᠡ 18 ᠠᠶᠢᠮᠠᠭ ᠣᠷᠣᠯᠴᠠᠨ᠎ᠠ᠃ ᠳᠡᠭᠡᠳᠦ ᠱᠠᠲᠤᠨ ᠳᠤ ᠥᠩᠭᠡᠷᠡᠭᠰᠡᠨ ᠵᠢᠯ  ︽ᠹᠤᠲᠽᠠᠯ  ᠤᠨ ᠦᠨᠳᠦᠰᠦᠨ ᠦ ᠴᠣᠮᠣ︾᠍ ᠶᠢᠨ ᠰᠢᠪᠦᠭᠡ ᠶᠢᠨ ᠨᠠᠢᠮᠠ ᠳᠤ ᠰᠢᠯᠭᠠᠷᠠᠭᠰᠠᠨ ᠪᠠᠭ ᠤᠳ ᠥᠷᠢᠰᠥᠯᠳᠥᠬᠦ ᠶᠤᠮ᠃ ᠲᠡᠭᠡᠪᠡᠯ ᠨᠢᠭᠡᠳᠦᠭᠡᠷ ᠱᠠᠲᠤᠨ ᠳᠤ ᠬᠡᠰᠡᠭ ᠡᠴᠡ ᠭᠠᠷᠤᠭ᠎ᠠ ᠦᠭᠡᠢ ᠪᠣᠯᠤᠨ ᠡᠨᠡ ᠵᠢᠯ ᠰᠢᠨ᠎ᠡ ᠪᠡᠷ ᠣᠷᠣᠯᠴᠠᠵᠤ ᠪᠤᠢ ᠪᠠᠭ ᠤᠳ ᠬᠦᠴᠦ ᠦᠵᠡᠬᠦ ᠶᠤᠮ᠃ ᠨᠢᠭᠡᠳᠦᠭᠡᠷ ᠱᠠᠲᠤᠨ ᠤ ᠡᠬᠢᠨ ᠦ ᠬᠣᠶᠠᠷ ᠪᠠᠭ ᠢᠷᠡᠬᠦ ᠵᠢᠯ ᠳᠡᠭᠡᠳᠦ ᠱᠠᠲᠤᠨ ᠤ ᠰᠡᠭᠦᠯ ᠳᠦ ᠣᠷᠣᠭᠰᠠᠨ ᠪᠠᠭ ᠤᠳ ᠤᠨ ᠪᠠᠶᠢᠷᠢ ᠶᠢ ᠨᠥᠬᠥᠬᠥ ᠤᠴᠢᠷᠲᠠᠢ᠃ ᠰᠢᠨ᠎ᠡ ᠰᠢᠰᠲ᠋ᠧᠮ ᠢᠶᠡᠷ ᠵᠣᠬᠢᠶᠠᠨ ᠪᠠᠶᠢᠭᠤᠯᠤᠭᠳᠠᠬᠤ  ︽ᠹᠤᠲᠽᠠᠯ ᠤᠨ ᠦᠨᠳᠦᠰᠦᠨ ᠦ ᠴᠣᠮᠣ 2019︾ ᠲᠡᠮᠡᠴᠡᠭᠡᠨ ᠦ ᠪᠦᠬᠦ ᠲᠣᠭᠯᠠᠯᠲᠠ ᠶᠢ mycujoo.tv ᠍ ᠪᠡᠷ ᠰᠢᠭᠤᠳ ᠳᠠᠮᠵᠢᠭᠤᠯᠤᠨ ᠬᠦᠷᠭᠡᠨ᠎ᠡ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

sddsdasda 2019-01-23 103.111.68.3

dsd