︽ᠬᠣᠪᠳᠣ-2019︾ ᠲᠡᠮᠡᠴᠡᠭᠡᠨ ᠦ ᠰᠢᠯᠢᠳᠡᠭ ᠦᠳ ᠲᠣᠳᠣᠷᠠᠯ᠎ᠠ | News.MN

︽ᠬᠣᠪᠳᠣ-2019︾ ᠲᠡᠮᠡᠴᠡᠭᠡᠨ ᠦ ᠰᠢᠯᠢᠳᠡᠭ ᠦᠳ ᠲᠣᠳᠣᠷᠠᠯ᠎ᠠ

ᠮᠣᠩᠭᠣᠯ ᠤᠯᠤᠰ ᠤᠨ ᠠᠯᠠᠭᠠᠳᠠᠬᠤ ᠪᠦᠮᠪᠦᠭᠡ ᠶᠢᠨ ᠰᠫᠣᠷᠲ ᠤᠨ ᠮᠠᠰᠲ᠋ᠸᠷ᠂ ᠠᠬᠠᠮᠠᠳ ᠲᠠᠮᠢᠷᠴᠢᠨ ᠱ∙ᠳᠠᠮᠳᠢᠨᠰᠦ᠋ᠷᠦᠩ ᠦᠨ ᠨᠡᠷᠡᠮᠵᠢᠲᠦ ︽ᠬᠣᠪᠳᠣ-2019︾ ᠨᠠᠰᠤᠨ ᠳᠤ  ᠬᠦᠷᠦᠭᠰᠡᠳ ᠦᠨ ᠠᠶᠢᠮᠠᠭ ᠤᠨ ᠠᠪᠤᠷᠭᠤ ᠰᠢᠯᠭᠠᠷᠠᠭᠤᠯᠬᠤ ᠠᠯᠠᠭᠠᠳᠠᠬᠤ ᠪᠦᠮᠪᠦᠭᠡ ᠶᠢᠨ ᠨᠡᠭᠡᠭᠡᠯᠲᠡᠲᠡᠢ ᠲᠡᠮᠡᠴᠡᠭᠡᠨ ᠡᠨᠡ ᠰᠠᠷ᠎ᠠ ᠶᠢᠨ 18-20 ᠍ ᠤ ᠡᠳᠦᠷ ᠦᠳ ᠲᠦ ᠬᠣᠪᠳᠣ ᠠᠶᠢᠮᠠᠭ ᠲᠤ ᠵᠣᠬᠢᠶᠠᠨ ᠪᠠᠶᠢᠭᠤᠯᠤᠭᠳᠠᠵᠤ᠂ ᠰᠢᠯᠢᠳᠡᠭ ᠪᠠᠭ᠂ ᠲᠠᠮᠢᠷᠴᠢᠳ ᠢᠶᠠᠨ ᠲᠣᠳᠣᠷᠠᠭᠤᠯᠤᠯ᠎ᠠ᠃ ᠲᠡᠮᠡᠴᠡᠭᠡᠨ ᠳᠦ ᠡᠷᠡᠭᠲᠡᠢ 14᠂ ᠡᠮᠡᠭᠲᠡᠢ 8 ᠪᠠᠭ ᠤᠨ 250 ᠭᠠᠷᠤᠢ ᠲᠠᠮᠢᠷᠴᠢᠨ ᠣᠷᠣᠯᠴᠠᠭᠰᠠᠨ ᠶᠤᠮ᠃ ᠲᠡᠮᠡᠴᠡᠭᠡᠨ ᠦ ᠡᠷᠡᠭᠲᠡᠢ ᠲᠥᠷᠥᠯ ᠳᠦ ᠲᠡᠷᠢᠭᠦᠨ ᠪᠠᠶᠢᠷᠢᠨ ᠳᠤ ᠦᠶᠡᠩᠴᠢ ᠰᠤᠮᠤ ᠶᠢᠨ ᠪᠠᠭ᠂ ᠳᠡᠳ᠋ ᠪᠠᠶᠢᠷᠢᠨ ᠳᠤ ᠬᠣᠪᠳᠣ ᠨᠢᠰᠬᠦ ᠪᠠᠭᠤᠳᠠᠯ ᠪᠠᠭ᠂ ᠭᠤᠷᠪᠠᠳᠤᠭᠠᠷ ᠪᠠᠶᠢᠷᠢᠨ ᠳᠤ ᠪᠤᠶᠠᠨᠲᠤ ᠰᠤᠮᠤ ᠶᠢᠨ ᠪᠠᠭ ᠲᠠᠮᠢᠷᠴᠢᠳ ᠰᠢᠯᠭᠠᠷᠠᠯ᠎ᠠ᠃ ᠬᠠᠷᠢᠨ ᠡᠮᠡᠭᠲᠡᠢ ᠲᠥᠷᠥᠯ ᠳᠦ ᠲᠡᠷᠢᠭᠦᠨ ᠪᠠᠶᠢᠷᠢᠨ ᠳᠤ ᠨᠣᠮᠢᠨ ᠰᠢᠯᠲᠦᠭᠡᠨ ᠪᠠᠭ᠂ ᠳᠡᠳ᠋ ᠪᠠᠶᠢᠷᠢᠨ ᠳᠤ ᠮᠥᠰᠦᠲᠦ ᠴᠡᠪᠡᠷᠯᠡᠭ ᠪᠤᠯᠠᠭ ᠪᠠᠭ᠂ ᠭᠤᠷᠪᠠᠳᠤᠭᠠᠷ ᠪᠠᠶᠢᠷᠢᠨ ᠳᠤ ᠬᠣᠪᠳᠣ ᠨᠢᠰᠬᠦ ᠪᠠᠭᠤᠳᠠᠯ ᠪᠠᠭ ᠲᠤᠰ ᠲᠤᠰ ᠰᠢᠯᠭᠠᠷᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ