ᠠᠳᠤᠭᠤ ᠬᠤᠯᠠᠭᠠᠶᠢᠯᠠᠨ ᠨᠢᠳᠤᠯᠵᠤ ᠪᠠᠶᠢᠭᠰᠠᠨ ᠢ ᠢᠯᠡᠷᠡᠭᠦᠯᠵᠡᠢ | News.MN

ᠠᠳᠤᠭᠤ ᠬᠤᠯᠠᠭᠠᠶᠢᠯᠠᠨ ᠨᠢᠳᠤᠯᠵᠤ ᠪᠠᠶᠢᠭᠰᠠᠨ ᠢ ᠢᠯᠡᠷᠡᠭᠦᠯᠵᠡᠢ

︽ᠰᠠᠷ᠎ᠠ ᠰᠢᠨ᠎ᠡ 2019︾ ᠨᠢᠭᠡᠳᠦᠭᠰᠡᠨ ᠠᠷᠭ᠎ᠠ ᠬᠡᠮᠵᠢᠶ᠎ᠡ ᠶᠢ ᠳᠠᠷᠬᠠᠨ-ᠠᠭᠤᠯᠠ ᠠᠶᠢᠮᠠᠭ ᠤᠨ ᠬᠡᠮᠵᠢᠶᠡᠨ ᠳᠦ ᠨᠢᠭᠡᠳᠦᠭᠡᠷ ᠰᠠᠷ᠎ᠠ ᠶᠢᠨ 07 ᠠᠴᠠ ᠬᠣᠶᠠᠳᠤᠭᠠᠷ ᠰᠠᠷ᠎ᠠ ᠶᠢᠨ 08 ᠬᠦᠷᠲᠡᠯ᠎ᠡ ᠵᠣᠬᠢᠶᠠᠨ ᠪᠠᠶᠢᠭᠤᠯᠵᠤ ᠪᠠᠶᠢᠨ᠎ᠠ᠃ ᠤᠭ ᠠᠷᠭ᠎ᠠ ᠬᠡᠮᠵᠢᠶᠡᠨ ᠦ ᠬᠦᠷᠢᠶᠡᠨ ᠳᠦ ᠣᠷᠣᠨ ᠨᠤᠲᠤᠭ ᠤᠨ ᠵᠠᠮ ᠳᠠᠭᠠᠤ ᠪᠣᠯᠤᠨ ᠲᠣᠮᠣᠬᠠᠨ ᠬᠤᠳᠠᠯᠳᠤᠭᠠᠨ ᠤ ᠲᠥᠪ ᠦᠳ ᠢᠶᠡᠷ ᠴᠠᠭᠳᠠᠭ᠎ᠠ ᠶᠢᠨ ᠠᠯᠪᠠ ᠬᠠᠭᠠᠭᠴᠢᠳ ᠨᠡᠮᠡᠯᠲᠡ ᠪᠡᠷ ᠠᠵᠢᠯᠯᠠᠵᠤ ᠭᠡᠮᠲᠦ ᠬᠡᠷᠡᠭ ᠵᠥᠷᠢᠴᠡᠯ ᠡᠴᠡ ᠤᠷᠢᠳᠴᠢᠯᠠᠨ ᠰᠡᠷᠭᠡᠶᠢᠯᠡᠨ ᠠᠵᠢᠯᠯᠠᠵᠤ ᠪᠠᠶᠢᠨ᠎ᠠ᠃
2019 ᠣᠨ ᠤ 01 ᠳ᠋ᠤᠭᠡᠷ ᠰᠠᠷ᠎ᠠ ᠶᠢᠨ 18 ᠤ 03᠄00 ᠴᠠᠭ ᠤᠨ ᠣᠷᠴᠢᠮ ᠬᠢᠨᠠᠯᠲᠠ ᠰᠢᠯᠭᠠᠯᠲᠠ ᠶᠢᠨ ᠡᠭᠦᠷᠭᠡ ᠭᠦᠢᠴᠡᠳᠭᠡᠵᠦ ᠪᠠᠶᠢᠭᠰᠠᠨ ᠠᠯᠪᠠ ᠬᠠᠭᠠᠭᠴᠢᠳ ᠰᠡᠯᠡᠩᠭᠡ ᠠᠶᠢᠮᠠᠭ ᠤᠷᠬᠤᠨᠲᠤᠤᠯᠠ ᠰᠤᠮᠤ ᠶᠢᠨ ᠢᠷᠭᠡᠨ B ᠦᠨ 16 ᠠᠳᠤᠭᠤ ᠶᠢ ᠠᠷᠤᠬᠠᠩᠭᠠᠢ ᠠᠶᠢᠮᠠᠭ ᠤᠨ ᠬᠠᠷᠢᠶᠠᠲᠤ ᠢᠷᠭᠡᠨS ᠭᠡᠭᠴᠢ ᠨᠢ ᠬᠤᠯᠠᠭᠠᠶᠢᠯᠠᠨ ᠲᠠᠭᠤᠵᠤ ᠠᠪᠴᠢᠷᠠᠨ ᠳᠠᠷᠬᠠᠨ ᠰᠤᠮᠤ ᠶᠢᠨ ᠮᠠᠯᠴᠢᠨ ᠪᠠᠭ ᠤᠨ ᠬᠣᠭ ᠤᠨ ᠴᠡᠭ ᠦᠨ ᠣᠷᠴᠢᠮ ᠳᠠᠷᠬᠠᠨ-ᠠᠭᠤᠯᠠ ᠠᠶᠢᠮᠠᠭ ᠤᠨ ᠬᠠᠷᠢᠶᠠᠲᠤ G᠂ A᠂ A᠂ SHᠨᠠᠷ ᠲᠠᠢ ᠪᠦᠯᠦᠭᠯᠡᠨ ᠨᠢᠳᠤᠯᠵᠤ ᠪᠠᠶᠢᠭᠰᠠᠨ ᠢ ᠦᠢᠯᠡᠳᠦᠯ ᠳᠡᠭᠡᠷ᠎ᠡ ᠨᠢ ᠢᠯᠡᠷᠡᠭᠦᠯᠵᠤ ᠂ ᠲᠤᠰ ᠡᠲᠡᠭᠡᠳ ᠦᠳ ᠲᠦ ᠬᠣᠯᠪᠣᠭᠳᠠᠬᠤ ᠬᠡᠷᠡᠭ ᠢ ᠮᠠᠲᠸᠷᠢᠶᠠᠯᠵᠢᠭᠤᠯᠵᠤ᠂  ᠬᠠᠷᠢᠶᠠᠯᠠᠯ ᠤᠨ ᠳᠠᠭᠠᠤ ᠰᠡᠯᠡᠩᠭᠡ ᠠᠶᠢᠮᠠᠭ ᠤᠨ ᠴᠠᠭᠳᠠᠭ᠎ᠠ ᠶᠢᠨ ᠭᠠᠵᠠᠷ ᠲᠤ ᠰᠢᠯᠵᠢᠭᠦᠯᠵᠡᠢ᠃

ᠰᠡᠳᠬᠢᠭᠳᠡᠯ ᠦᠯᠡᠳᠡᠭᠡᠬᠦ