ᠬᠡᠦᠬᠡᠳ ᠡᠬᠡ ᠪᠠᠷᠢᠵᠤ ᠠᠪᠤᠭᠰᠠᠨ ᠦᠢᠯᠡᠴᠢᠯᠡᠭᠴᠢ ᠨᠠᠷ ᠢ ᠱᠠᠩᠨᠠᠯ᠎ᠠ | News.MN

ᠬᠡᠦᠬᠡᠳ ᠡᠬᠡ ᠪᠠᠷᠢᠵᠤ ᠠᠪᠤᠭᠰᠠᠨ ᠦᠢᠯᠡᠴᠢᠯᠡᠭᠴᠢ ᠨᠠᠷ ᠢ ᠱᠠᠩᠨᠠᠯ᠎ᠠ

ᠭᠠᠯᠲᠤ ᠲᠡᠷᠭᠡᠨ ᠳᠦ ᠮᠡᠨᠳᠦᠯᠡᠭᠰᠡᠨ ᠬᠡᠦᠬᠡᠳ ᠢ ᠡᠬᠡ ᠪᠠᠷᠢᠵᠤ᠂ ᠡᠬᠡ ᠬᠦᠦ ᠬᠣᠶᠠᠷ ᠲᠤ ᠠᠮᠢᠳᠤᠷᠠᠯ ᠪᠡᠯᠡᠭᠯᠡᠭᠰᠡᠨ ᠠᠵᠢᠯᠲᠠᠨ ᠨᠠᠷ ᠢᠶᠠᠨ ᠤᠯᠠᠭᠠᠨᠪᠠᠭᠠᠲᠤᠷ ᠲᠡᠮᠦᠷ ᠵᠠᠮ ᠤᠨ ᠬᠢᠨ ᠠᠯᠳᠠᠷᠰᠢᠭᠤᠯᠤᠨ ᠱᠠᠩᠨᠠᠭᠰᠠᠨ ᠪᠠᠶᠢᠨ᠎ᠠ᠃ ᠲᠣᠳᠣᠷᠠᠭᠤᠯᠪᠠᠯ᠂ ᠡᠨᠡ ᠰᠠᠷ᠎ᠠ ᠶᠢᠨ 14 ᠳᠦ ᠬᠦᠦ ᠶᠢ ᠡᠬᠡ ᠪᠠᠷᠢᠵᠤ ᠠᠪᠤᠭᠰᠠᠨ ᠵᠣᠷᠴᠢᠭᠴᠢ ᠶᠢᠨ ᠸᠠᠭᠣᠨ ᠳ᠋ᠸᠫᠤ  ᠶᠢᠨ ᠵᠢᠷᠭᠤᠳᠤᠭᠠᠷ ᠴᠤᠪᠤᠭᠠᠨ ᠤ ᠸᠠᠭᠣᠨ ᠤ ᠦᠢᠯᠡᠴᠢᠯᠡᠭᠴᠢ ᠭ∙ᠡᠩᠬᠡᠲᠤᠤᠯᠠ ᠶᠢ ᠲᠡᠮᠦᠷ ᠵᠠᠮᠴᠢᠨ ᠤ ᠠᠯᠳᠠᠷ ᠴᠣᠯᠠ ᠲᠡᠮᠳᠡᠭ᠂ 500 ᠮᠢᠩᠭᠠᠨ ᠲᠥᠭᠥᠷᠢᠭ ᠢᠶᠡᠷ ᠱᠠᠩᠨᠠᠭᠰᠠᠨ ᠪᠠᠶᠢᠨ᠎ᠠ᠃ ᠮᠥᠨ ᠲᠤᠰ ᠸᠠᠭᠣᠨ ᠤ ᠦᠢᠯᠡᠴᠢᠯᠡᠭᠴᠢ ᠼ∙ᠭᠠᠩᠰᠦ᠋ᠬᠡ ᠶᠢ ᠲᠡᠷᠢᠭᠦᠨ ᠦ ᠲᠡᠮᠦᠷ ᠵᠠᠮᠴᠢᠨ ᠴᠣᠯᠠ ᠲᠡᠮᠳᠡᠭ᠂ 300 ᠮᠢᠩᠭᠠᠨ ᠲᠥᠭᠥᠷᠢᠭ ᠢᠶᠡᠷ ᠲᠤᠰ ᠲᠤᠰ ᠱᠠᠩᠨᠠᠵᠠᠢ᠃ ᠲᠤᠰ ᠦᠢᠯᠡ ᠶᠠᠪᠤᠳᠠᠯ ᠢ ᠡᠷᠭᠢᠨ ᠰᠠᠨᠠᠭᠤᠯᠬᠤ ᠳᠤ᠂ ᠰᠢᠷ᠎ᠠ ᠶᠢᠨ ᠭᠣᠣᠯ ᠠᠴᠠ ᠳᠠᠷᠬᠠᠨ ᠴᠢᠭᠯᠡᠯ ᠦᠨ ᠭᠠᠯᠲᠤ ᠲᠡᠷᠭᠡᠨ ᠳᠦ ᠵᠣᠷᠴᠢᠵᠤ ᠶᠠᠪᠤᠭᠰᠠᠨ ᠵᠢᠷᠮᠦᠰᠦᠨ 27 ᠨᠠᠰᠤᠲᠠᠢ ᠮ∙ᠨᠣᠮᠢᠨ-ᠡᠷᠳᠡᠨᠢ ᠪᠦᠰᠡᠭᠦᠢ ᠭᠡᠨᠡᠳᠲᠡ ᠲᠥᠷᠥᠬᠦ ᠶᠢᠨ ᠡᠪᠡᠳᠦᠯᠲᠡ ᠥᠭᠴᠦ ᠭᠠᠯᠲᠤ ᠲᠡᠷᠭᠡᠨ ᠳᠦ ᠠᠮᠤᠷᠵᠢᠭᠰᠠᠨ ᠦᠢᠯᠡ ᠶᠠᠪᠤᠳᠠᠯ ᠪᠣᠯᠤᠭᠰᠠᠨ᠃ 1999 ᠣᠨ ᠠᠴᠠ ᠬᠣᠶᠢᠰᠢ ᠸᠠᠭᠣᠨ ᠤ ᠦᠢᠯᠡᠴᠢᠯᠡᠭᠴᠢ ᠪᠡᠷ ᠠᠵᠢᠯᠯᠠᠵᠤ ᠪᠠᠶᠢᠭ᠎ᠠ ᠲᠡᠳᠡᠨ ᠦ ᠬᠤᠪᠢ ᠳᠤ ᠭᠠᠷᠳᠠᠵᠤ ᠬᠡᠦᠬᠡᠳ ᠡᠬᠡ ᠪᠠᠷᠢᠵᠤ ᠠᠪᠤᠭᠰᠠᠨ ᠡᠶᠢᠮᠦ ᠲᠣᠬᠢᠶᠠᠯᠳᠤᠯ ᠲᠠᠢ ᠠᠩᠬ᠎ᠠ ᠤᠳᠠᠭ᠎ᠠ ᠲᠠᠭᠠᠷᠠᠭᠰᠠᠨ ᠠᠵᠠᠢ᠃

ᠰᠡᠳᠬᠢᠭᠳᠡᠯ ᠦᠯᠡᠳᠡᠭᠡᠬᠦ