ᠶᠡᠷᠦᠩᠬᠡᠶᠢᠯᠡᠭᠴᠢ ᠠᠰᠠᠨ ᠴ∙ᠡᠯᠪᠡᠭᠳᠣᠷᠵᠢ ᠶᠢ ᠷᠣᠫᠠ ᠶᠢᠨ ᠫᠠᠫ ᠬᠦᠯᠢᠶᠡᠨ ᠠᠪᠴᠤ ᠠᠭᠤᠯᠵᠠᠵᠠᠢ᠃ ᠡᠨᠡ ᠦᠶ᠎ᠡ ᠪᠡᠷ ᠲᠡᠭᠦᠨ ᠢ ᠠᠽᠢᠶ᠎ᠠ ᠲᠢᠪ ᠲᠦ ᠠᠷᠠᠳᠴᠢᠯᠠᠭᠰᠠᠨ ᠦᠵᠡᠯ ᠢ ᠲᠤᠤᠱᠲᠠᠢ ᠳᠡᠮᠵᠢᠭᠴᠢ᠂ ᠬᠥᠭᠵᠢᠭᠦᠯᠦᠭᠴᠢ ᠬᠡᠮᠡᠨ ᠷᠣᠮ ᠤᠨ ᠫᠠᠫ ᠣᠨᠴᠠᠯᠠᠭᠰᠠᠨ ᠪᠠᠶᠢᠨ᠎ᠠ᠃ ᠴ∙ᠡᠯᠪᠡᠭᠳᠣᠷᠵᠢ ᠴᠠᠭᠠᠵᠠ ᠶᠢᠨ ᠶᠠᠯ᠎ᠠ ᠶᠢᠨ ᠡᠰᠡᠷᠭᠦ ᠣᠯᠠᠨ ᠤᠯᠤᠰ ᠤᠨ ᠺᠣᠮᠢᠰ ︵ICDP︶᠍ ᠦᠨ ᠪᠦᠷᠢᠨ ᠡᠷᠬᠡᠲᠦ ᠲᠥᠯᠥᠭᠡᠯᠡᠭᠴᠢ ᠪᠡᠷ ᠰᠣᠩᠭᠣᠭᠳᠠᠨ ᠠᠵᠢᠯᠯᠠᠵᠤ ᠪᠠᠶᠢᠭ᠎ᠠ ᠪᠥᠭᠡᠳ ᠡᠨᠡᠬᠦ ᠺᠣᠮᠢᠰ ᠤᠨ ᠲᠥᠯᠥᠭᠡᠯᠡᠭᠴᠢᠳ ᠢ ᠬᠦᠯᠢᠶᠡᠵᠦ ᠠᠪᠬᠤ ᠦᠶ᠎ᠡ ᠪᠡᠷ ᠢᠶᠡᠨ ᠡᠶᠢᠨ ᠬᠦ ᠲᠤᠰᠬᠠᠶᠢᠯᠠᠨ ᠠᠭᠤᠯᠵᠠᠭᠰᠠᠨ ᠪᠠᠶᠢᠨ᠎ᠠ᠃
ᠮᠣᠩᠭᠣᠯ ᠤᠯᠤᠰ 2012 ᠣᠨ ᠳᠤ ᠴ∙ᠡᠯᠪᠡᠭᠳᠣᠷᠵᠢ ᠶᠢᠨ ᠰᠠᠨᠠᠭᠠᠴᠢᠯᠠᠭ᠎ᠠ ᠪᠠᠷ ᠴᠠᠭᠠᠵᠠ ᠶᠢᠨ ᠶᠠᠯ᠎ᠠ ᠶᠢ ᠬᠠᠯᠠᠬᠤ ᠣᠯᠠᠨ ᠤᠯᠤᠰ ᠤᠨ ᠫᠷᠣᠲ᠋ᠣᠺᠣᠯ ᠳᠤ ᠨᠢᠭᠡᠳᠦᠨ ᠣᠷᠣᠵᠤ᠂ ᠴᠠᠭᠠᠵᠠ ᠶᠢᠨ ᠶᠠᠯ᠎ᠠ ᠶᠢ ᠬᠠᠯᠠᠬᠤ ᠲᠠᠯ᠎ᠠ ᠪᠠᠷ ᠣᠯᠠᠨ ᠠᠵᠢᠯ ᠵᠣᠬᠢᠶᠠᠨ ᠪᠠᠶᠢᠭᠤᠯᠤᠭᠰᠠᠨ ᠨᠢ ᠵᠡᠭᠦᠨ ᠡᠮᠦᠨᠡᠲᠦ ᠠᠽᠢᠶ᠎ᠠ ᠶᠢᠨ ᠪᠤᠰᠤᠳ ᠤᠯᠤᠰ ᠲᠤ ᠨᠥᠯᠥᠭᠡ ᠦᠵᠡᠭᠦᠯᠦᠭᠰᠡᠨ ᠭᠡᠵᠦ ᠴᠠᠭᠠᠵᠠ ᠶᠢᠨ ᠶᠠᠯ᠎ᠠ ᠶᠢᠨ ᠡᠰᠡᠷᠭᠦ ᠣᠯᠠᠨ ᠤᠯᠤᠰ ᠤᠨ ᠺᠣᠮᠢᠰ ︵ICDP︶ ᠦᠵᠡᠳᠡᠭ ᠪᠠᠶᠢᠨ᠎ᠠ᠃