ᠮᠣᠩᠭᠣᠯ ᠠᠬ᠎ᠠ ᠳᠡᠭᠦᠦ ︽ᠳ᠋ᠠᠺᠠᠷ ᠷᠠᠯᠯᠢ︾ ᠪᠡᠨ ᠳᠠᠭᠤᠰᠬᠠᠪᠠ | News.MN

ᠮᠣᠩᠭᠣᠯ ᠠᠬ᠎ᠠ ᠳᠡᠭᠦᠦ ︽ᠳ᠋ᠠᠺᠠᠷ ᠷᠠᠯᠯᠢ︾ ᠪᠡᠨ ᠳᠠᠭᠤᠰᠬᠠᠪᠠ

ᠡᠮᠦᠨᠡᠲᠦ ᠠᠮᠧᠷᠢᠺᠠ ᠲᠢᠪ ᠦᠨ ᠪᠠᠷᠠᠭᠤᠨ ᠬᠡᠰᠡᠭ ᠲᠦ ᠤᠷᠤᠰᠢᠬᠤ ᠫᠸᠷᠦ᠋ ᠤᠯᠤᠰ ᠲᠤ ᠠᠦ᠋ᠲ᠋ᠤ᠋ ᠰᠫᠣᠷᠲ ᠤᠨ ᠣᠯᠢᠮᠫ ︽ᠳ᠋ᠠᠺᠠᠷ ᠷᠠᠯᠯᠢ︾ ᠨᠢᠭᠡᠳᠦᠭᠡᠷ ᠰᠠᠷ᠎ᠠ ᠶᠢᠨ 6-17 ᠍ ᠤ ᠡᠳᠦᠷ ᠦᠳ ᠲᠦ ᠪᠣᠯᠵᠤ ᠥᠨᠳᠥᠷᠯᠡᠯ᠎ᠡ᠃ 41 ᠳ᠋ᠡᠬᠢ ᠤᠳᠠᠭ᠎ᠠ ᠶᠢᠨ ᠠᠦ᠋ᠲ᠋ᠤ᠋ ᠰᠫᠣᠷᠲ  ᠤᠨ ᠶᠡᠬᠡ ᠨᠠᠭᠠᠳᠤᠮ ᠳᠤ 40 ᠣᠷᠣᠨ ᠤ 534 ᠲᠠᠮᠢᠷᠴᠢᠨ᠂ 334 ᠲᠧᠭᠨᠢᠭ ᠬᠡᠷᠡᠭᠰᠡᠯ ᠲᠡᠢ ᠪᠡᠷ 5603 ᠺᠢᠯᠣᠮᠧᠲ᠋ᠷ ᠵᠠᠮ ᠢ ᠲᠤᠭᠤᠯᠤᠭᠰᠠᠨ ᠶᠤᠮ᠃
ᠠᠽᠢᠶ᠎ᠠ ᠲᠢᠪ ᠡᠴᠡ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠶᠠᠫᠣᠨ᠂ ᠡᠨᠡᠳᠬᠡᠭ᠂ ᠮᠣᠩᠭᠣᠯ ᠤᠨ ᠪᠠᠭ ᠲᠠᠮᠢᠷᠴᠢᠳ ᠤᠷᠤᠯᠴᠠᠪᠠ᠃ ᠮᠣᠩᠭᠣᠯ ᠠᠴᠠ Da¬kar 2019-Team Mongo¬lia ᠪᠠᠭ ᠠᠦ᠋ᠲ᠋ᠤ᠋ ᠮᠠᠰᠢᠨ ᠤ SxS ᠠᠩᠭᠢᠯᠠᠯ ᠳᠤ ᠥᠷᠢᠰᠦᠯᠳᠦᠵᠡᠢ᠃ ᠪᠠᠭ ᠤᠨ ᠠᠬᠠᠯᠠᠭᠴᠢ᠂ ᠴᠢᠭᠯᠡᠭᠦᠯᠦᠭᠴᠢ ᠪᠡᠷ ᠥ᠊∙ᠪᠢᠮᠪᠠᠳᠡᠯᠭᠡᠷ᠂ ᠵᠢᠯᠣᠭᠣᠴᠢ ᠪᠠᠷ ᠥ᠊∙ ᠪᠢᠮᠪᠠᠴᠤᠭᠲᠤ ᠂ ᠮᠧᠬᠠᠨᠢᠭ ᠢᠶᠠᠷ ᠪ∙ ᠪᠠᠲᠤᠲᠦ᠋ᠷᠦ ᠨᠠᠷ ᠣᠷᠣᠯᠴᠠᠯ᠎ᠠ᠃ ᠲᠡᠳᠡ130 ᠮᠠᠰᠢᠨ ᠤᠷᠤᠯᠳᠤᠭᠰᠠᠨ ︽ᠠᠦ᠋ᠲ᠋ᠣ᠋︾ ᠲᠥᠷᠥᠯ ᠳᠦ 32 ᠳ᠋ᠤᠭᠠᠷ ᠪᠠᠶᠢᠷᠢ ᠡᠵᠡᠯᠡᠭᠰᠡᠨ ᠶᠤᠮ᠃ ᠬᠠᠷᠢᠨ UTV Open ᠠᠩᠭᠢᠯᠠᠯ ᠳᠤ ᠪᠠᠨ ᠭᠤᠷᠪᠠᠳᠤᠭᠠᠷ ᠪᠠᠶᠢᠷᠢ ᠡᠵᠡᠯᠡᠵᠦ ᠮᠧᠳᠠᠯ ᠤᠨ ᠲᠠᠪᠴᠠᠩ ᠳᠤ ᠵᠣᠭᠰᠣᠭᠰᠠᠨ ᠶᠤᠮ᠃ ᠮᠣᠩᠭᠣᠯ ᠤᠨ ᠠᠦ᠋ᠲ᠋ᠣ᠋ ᠤᠷᠤᠯᠳᠤᠭᠠᠨᠴᠢᠳ 10 ᠡᠳᠦᠷ ᠦᠨ ᠭᠠᠷᠤᠭᠠᠨ ᠳᠤ ᠪᠦᠭᠦᠳᠡ ᠳᠦ ᠨᠢ ᠠᠮᠵᠢᠯᠲᠠ ᠲᠠᠢ ᠥᠷᠢᠰᠦᠯᠳᠦᠵᠦ᠂ ᠪᠠᠷᠢᠶᠠᠨ ᠳᠤ ᠣᠷᠣᠵᠤ ᠢᠷᠡᠭᠰᠡᠨ ᠢᠶᠡᠷ ᠠᠦ᠋ᠲ᠋ᠣ᠋ ᠰᠫᠣᠷᠲ ᠤᠨ ᠲᠡᠦᠬᠡᠨ ᠳᠦ ᠨᠢᠭᠡᠨ ᠰᠢᠨ᠎ᠡ ᠬᠠᠭᠤᠳᠠᠰᠤ ᠶᠢ ᠨᠡᠭᠡᠭᠡᠵᠦ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ