ᠦᠨᠳᠦᠰᠦᠨ ᠦ ᠬᠤᠪᠴᠠᠰᠤ ᠪᠠᠷ ᠢᠶᠠᠨ ᠭᠣᠶᠣᠬᠤ ᠪᠣᠯᠵᠠᠢ | News.MN

ᠦᠨᠳᠦᠰᠦᠨ ᠦ ᠬᠤᠪᠴᠠᠰᠤ ᠪᠠᠷ ᠢᠶᠠᠨ ᠭᠣᠶᠣᠬᠤ ᠪᠣᠯᠵᠠᠢ

ᠠᠷᠤᠬᠠᠩᠭᠠᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠭᠠᠵᠠᠷ ᠲᠠᠢ ᠬᠠᠮᠲᠤᠷᠠᠨ ︽ᠲᠠᠮᠢᠷ ᠤᠨ ᠵᠢᠪᠠᠷ︾ ᠮᠥᠰᠦᠨ ᠦ ᠪᠠᠶᠠᠷ ᠤᠨ ᠠᠷᠭ᠎ᠠ ᠬᠡᠮᠵᠢᠶ᠎ᠡ ᠶᠢ ᠡᠨᠡ ᠰᠠᠷ᠎ᠠ ᠶᠢᠨ 19  ᠦ ᠡᠳᠦᠷ ᠭᠤᠷᠪᠠᠳᠠᠬᠢ ᠵᠢᠯ ᠳᠦ ᠪᠡᠨ ᠵᠣᠬᠢᠶᠠᠨ ᠪᠠᠶᠢᠭᠤᠯᠤᠯ᠎ᠠ᠃ ᠡᠨᠡ ᠵᠢᠯ ᠦᠨ ᠮᠥᠰᠦᠨ ᠦ ᠪᠠᠶᠠᠷ ᠲᠤ 80 ᠭᠠᠷᠤᠢ ᠲᠥᠷᠥ ᠶᠢᠨ ᠪᠣᠯᠤᠨ ᠲᠥᠷᠥ ᠶᠢᠨ ᠪᠤᠰᠤ ᠪᠠᠶᠢᠭᠤᠯᠤᠯᠭ᠎ᠠ ᠶᠢᠨ 1000 ᠭᠠᠷᠤᠢ ᠢᠷᠭᠡᠳ ᠬᠦᠷᠦᠯᠴᠡᠨ ᠢᠷᠡᠵᠦ ᠣᠷᠣᠯᠴᠠᠭᠰᠠᠨ ᠶᠤᠮ᠃ ᠴᠡᠪᠡᠷ ᠠᠭᠠᠷ ᠲᠤ ᠦᠨᠳᠦᠰᠦᠨ ᠦ ᠪᠡᠨ ᠬᠤᠪᠴᠠᠰᠤ ᠪᠠᠷ ᠭᠣᠶᠣᠵᠤ ᠢᠷᠡᠭᠰᠡᠨ ᠪᠠᠶᠢᠭᠤᠯᠤᠯᠭ᠎ᠠ᠂ ᠢᠷᠭᠡᠳ ᠦᠨ ᠳᠤᠮᠳᠠ ᠰᠠᠶᠢᠬᠠᠨ ᠳᠡᠪᠡᠯ ᠬᠤᠪᠴᠠᠰᠤ ᠲᠠᠢ ᠬᠣᠣᠰ᠂ ᠺᠢᠷᠯᠢᠩ ᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ᠰᠣᠨᠢᠷᠬᠠᠭᠴᠢᠳ ᠤᠨ ᠮᠥᠰᠦᠨ ᠦ ᠱᠠᠭ᠎ᠠ ᠶᠢᠨ ᠬᠠᠷᠪᠤᠭ᠎ᠠ᠂ ᠮᠥᠰᠦᠨ ᠦ ᠰᠤᠷ ᠤᠨ ᠬᠠᠷᠪᠤᠭ᠎ᠠ᠂ ᠬᠡᠢ ᠶᠢᠨ ᠪᠤᠤᠳᠠᠯᠭ᠎ᠠ ᠵᠡᠷᠭᠡ ᠲᠡᠮᠡᠴᠡᠭᠡᠨ ᠢ ᠶᠠᠪᠤᠭᠤᠯᠤᠭᠰᠠᠨ ᠶᠤᠮ᠃ ᠵᠢᠯ ᠢᠷᠡᠬᠦ ᠲᠤᠰᠤᠮ ᠣᠷᠣᠯᠴᠠᠵᠤ ᠪᠤᠢ ᠢᠷᠭᠡᠳ ᠮᠥᠰᠦᠨ ᠦ ᠪᠠᠶᠠᠷ ᠲᠤ ᠵᠣᠷᠢᠭᠤᠯᠵᠤ ᠦᠨᠳᠦᠰᠦᠨ ᠦ ᠳᠡᠪᠡᠯ᠂ ᠬᠠᠨᠳᠠᠭᠠᠵᠠ᠂ ᠮᠠᠯᠠᠭᠠᠢ ᠵᠡᠷᠭᠡ ᠶᠢ ᠪᠡᠯᠡᠳᠬᠡᠵᠦ ᠡᠮᠦᠰᠳᠡᠭ ᠪᠣᠯᠤᠭᠰᠠᠨ ᠨᠢ ᠡᠨᠡ ᠵᠢᠯ ᠦᠨ ᠪᠠᠶᠠᠷ ᠳᠡᠭᠡᠷ᠎ᠡ ᠡᠴᠡ ᠲᠣᠳᠣ ᠬᠠᠷᠠᠭᠳᠠᠵᠤ ᠪᠠᠶᠢᠯ᠎ᠠ᠃

ᠰᠡᠳᠬᠢᠭᠳᠡᠯ ᠦᠯᠡᠳᠡᠭᠡᠬᠦ