ᠰᠦᠬᠡᠪᠠᠭᠠᠲᠤᠷ ᠲᠤ ᠰᠤᠳᠤᠯᠤᠭᠳᠠᠭ᠎ᠠ ᠦᠭᠡᠢ ᠲᠣᠮᠣ ᠨᠦᠬᠡ ᠪᠤᠢ | News.MN

ᠰᠦᠬᠡᠪᠠᠭᠠᠲᠤᠷ ᠲᠤ ᠰᠤᠳᠤᠯᠤᠭᠳᠠᠭ᠎ᠠ ᠦᠭᠡᠢ ᠲᠣᠮᠣ ᠨᠦᠬᠡ ᠪᠤᠢ

ᠰᠦᠬᠡᠪᠠᠭᠠᠲᠤᠷ ᠠᠶᠢᠮᠠᠭ ᠤᠨ ᠪᠠᠶᠠᠨᠳᠡᠯᠭᠡᠷ ᠰᠤᠮᠤ ᠶᠢᠨ ᠲᠥᠪ ᠡᠴᠡ ᠪᠠᠷᠠᠭᠤᠨ ᠬᠣᠶᠢᠰᠢ 70 ᠺᠢᠯᠣᠮᠧᠲ᠋ᠷ  ︽ᠬᠦᠩᠬᠦᠷ  ᠴᠠᠩᠲᠤ︾ ᠨᠡᠷ᠎ᠡ ᠲᠡᠢ ᠭᠠᠵᠠᠷ ᠦᠯᠦ ᠮᠡᠳᠡᠭᠳᠡᠬᠦ ᠲᠣᠮᠣ ᠨᠦᠬᠡ ᠶᠢ ᠣᠳᠣ ᠠᠴᠠ 10 ᠭᠠᠷᠤᠢ ᠵᠢᠯ ᠦᠨ ᠡᠮᠦᠨ᠎ᠡ ᠢᠯᠡᠷᠡᠭᠦᠯᠵᠡᠢ᠃ ᠡᠨᠡᠬᠦ ᠡᠭᠴᠡ ᠨᠦᠬᠡᠨ ᠳᠦ ᠮᠠᠯ ᠤᠨᠠᠬᠤ ᠨᠢ ᠶᠡᠬᠡᠰᠦᠭᠰᠡᠨ ᠲᠤᠯᠠ ᠲᠣᠭᠣᠷᠢᠭᠤᠯᠤᠨ ᠬᠠᠰᠢᠶ᠎ᠠ ᠲᠠᠲᠠᠭᠰᠠᠨ ᠪᠠᠶᠢᠨ᠎ᠠ᠃
ᠨᠦᠬᠡᠨ ᠦ ᠠᠮᠠᠰᠠᠷ ᠤᠨ ᠲᠣᠭᠣᠷᠢᠭ ᠨᠢ 4-5 ᠮᠧᠲ᠋ᠷ᠂ ᠳᠣᠭᠣᠭᠰᠢ ᠨᠤᠷᠠᠵᠤ ᠲᠣᠭᠲᠠᠭᠰᠠᠨ ᠬᠡᠰᠡᠭ ᠨᠢ 6-7 ᠮᠧᠲ᠋ᠷ᠃ ᠳᠡᠭᠡᠷ᠎ᠡ ᠡᠴᠡ ᠨᠢ ᠰᠠᠶᠢᠨ ᠬᠠᠷᠠᠪᠠᠯ ᠳᠣᠲᠣᠷ ᠬᠡᠰᠡᠭ ᠲᠦ ᠨᠢ ᠬᠠᠷᠠᠭᠳᠠᠵᠤ ᠪᠠᠶᠢᠭ᠎ᠠ ᠲᠣᠭᠲᠠᠭᠰᠠᠨ ᠰᠢᠷᠤᠶᠢᠨ ᠬᠡᠰᠡᠭ ᠡᠴᠡ ᠬᠣᠶᠠᠷ ᠲᠡᠰᠢ ᠬᠠᠷᠠᠩᠭᠤᠢ ᠨᠦᠬᠡ ᠬᠠᠷᠠᠭᠳᠠᠳᠠᠭ ᠪᠠᠶᠢᠨ᠎ᠠ᠃ ᠨᠤᠲᠤᠭ ᠤᠨ ᠬᠦᠮᠦᠰ ᠦᠨ ᠶᠠᠷᠢᠶ᠎ᠠ ᠪᠠᠷ ᠡᠨᠡ ᠬᠠᠪᠢ ᠳᠤ ᠮᠣᠷᠢᠲᠠᠢ ᠳᠠᠪᠬᠢᠵᠤ ᠶᠠᠪᠤᠬᠤ ᠳᠤ ᠭᠠᠵᠠᠷ ᠤᠨ ᠳᠣᠣᠷ᠎ᠠ ᠬᠥᠨᠳᠡᠢ ᠳᠠᠭᠤ ᠭᠠᠷᠴᠤ᠂ ᠡᠪᠦᠯ ᠨᠦᠬᠡᠨ ᠡᠴᠡ ᠠᠭᠤᠷ ᠭᠠᠷᠳᠠᠭ ᠭᠡᠨ᠎ᠡ᠃ ᠬᠡᠳᠦᠢ ᠪᠡᠷ ᠡᠷᠳᠡᠮᠲᠡᠳ ᠥᠨᠥ ᠶᠢ ᠬᠦᠷᠲᠡᠯ᠎ᠡ ᠰᠤᠳᠤᠯᠵᠤ ᠲᠣᠭᠲᠠᠭᠠᠭ᠎ᠠ ᠦᠭᠡᠢ ᠪᠣᠯᠪᠠᠴᠤ ᠨᠤᠲᠤᠭ ᠤᠨ ᠢᠷᠭᠡᠳ ᠲᠡᠭᠦᠨ ᠢ ᠠᠭᠤᠢ ᠪᠠᠶᠢᠵᠤ ᠪᠣᠯᠤᠨ᠎ᠠ ᠬᠡᠮᠡᠨ ᠶᠠᠷᠢᠳᠠᠭ᠃ ᠮᠥᠨ ᠱᠣᠬᠣᠢ ᠶᠢᠨ ᠴᠢᠯᠠᠭᠤᠨ ᠤ ᠦᠶ᠎ᠡ ᠬᠥᠷᠦᠰᠦᠨ ᠦ ᠤᠰᠤᠨ ᠳᠤ ᠢᠳᠡᠭᠳᠡᠨ ᠦᠭᠡᠢ ᠪᠣᠯᠵᠤ ᠡᠭᠦᠰᠦᠭᠰᠡᠨ ᠬᠥᠨᠳᠡᠢ ᠭᠡᠵᠦ ᠦᠵᠡᠬᠦ ᠬᠦᠮᠦᠰ ᠴᠤ ᠪᠠᠶᠢᠳᠠᠭ ᠪᠠᠶᠢᠨ᠎ᠠ᠃ ᠮᠣᠩᠭᠣᠯᠴᠤᠳ ᠡᠷᠲᠡ ᠦᠶᠡᠰ ᠯᠠ ᠭᠠᠵᠠᠷ ᠤᠰᠤᠨ ᠤ ᠨᠡᠷ᠎ᠡ ᠶᠢ ᠮᠠᠰᠢ ᠤᠨᠤᠭᠠᠵᠤ ᠥᠭᠭᠦᠭᠰᠡᠨ ᠪᠠᠶᠢᠳᠠᠭ᠃ ᠬᠦᠩᠬᠦᠷ ᠴᠠᠩᠲᠤ ᠬᠡᠮᠡᠬᠦ ᠨᠡᠷ᠎ᠡ ᠨᠢ ᠴᠠᠩᠲᠤᠭᠰᠠᠨ ᠲᠣᠮᠣ ᠬᠦᠩᠬᠦᠷ ᠨᠦᠬᠡ᠂ ᠠᠭᠤᠢ ᠶᠢ ᠳᠦᠷᠰᠦᠯᠡᠭᠰᠡᠨ ᠪᠠᠶᠢᠵᠤ ᠪᠣᠯᠬᠤ ᠶᠤᠮ᠃ ᠣᠳᠣ ᠠᠴᠠ 10 ᠭᠠᠷᠤᠢ ᠵᠢᠯ ᠦᠨ ᠡᠮᠦᠨ᠎ᠡ ᠨᠢᠭᠡᠨ ᠬᠦᠮᠦᠨ ᠬᠡᠰᠡᠭ ᠵᠡᠭᠡᠷ᠎ᠡ ᠬᠥᠭᠡᠭᠡᠵᠦ ᠶᠠᠪᠤᠲᠠᠯ᠎ᠠ ᠤᠷᠳᠤ ᠨᠢ ᠶᠠᠪᠤᠭᠰᠠᠨ ᠵᠡᠭᠡᠷ᠎ᠡ ᠭᠡᠨᠡᠳᠲᠡ ᠠᠯᠠᠭ᠎ᠠ ᠪᠣᠯᠵᠤ᠃ ᠭᠠᠶᠢᠬᠠᠭᠠᠳ ᠣᠴᠢᠵᠤ ᠬᠠᠷᠠᠲᠠᠯ᠎ᠠ ᠡᠭᠴᠡ ᠲᠣᠮᠣ ᠨᠦᠬᠡᠨ ᠳᠦ ᠵᠡᠭᠡᠷ᠎ᠡ ᠨᠢ ᠤᠨᠠᠭᠰᠠᠨ ᠪᠠᠶᠢᠭᠰᠠᠨ ᠢ ᠬᠠᠷᠠᠭᠠᠳ ᠠᠩᠬ᠎ᠠ ᠡᠨᠡᠬᠦ ᠨᠦᠬᠡ ᠶᠢ ᠮᠡᠳᠡᠭᠰᠡᠨ ᠠᠵᠠᠢ ᠃

ᠰᠡᠳᠬᠢᠭᠳᠡᠯ ᠦᠯᠡᠳᠡᠭᠡᠬᠦ