ᠡᠮᠡᠭᠲᠡᠶᠢᠴᠦᠳ ᠣᠯᠠᠨ ᠤᠯᠤᠰ ᠡᠴᠡ ᠳᠥᠷᠪᠡᠨ ᠮᠧᠳᠠᠯ ᠬᠦᠷᠲᠡᠯ᠎ᠡ | News.MN

ᠡᠮᠡᠭᠲᠡᠶᠢᠴᠦᠳ ᠣᠯᠠᠨ ᠤᠯᠤᠰ ᠡᠴᠡ ᠳᠥᠷᠪᠡᠨ ᠮᠧᠳᠠᠯ ᠬᠦᠷᠲᠡᠯ᠎ᠡ

ᠣᠷᠣᠰ ᠤᠨ ᠨᠡᠷᠡᠲᠦ ᠳᠠᠰᠬᠠᠯᠵᠢᠭᠤᠯᠤᠭᠴᠢ ᠳ᠋ᠮᠢᠲᠷᠢ ᠮᠢᠨᠳᠢᠶᠠᠱᠸᠢᠯᠢ ᠶᠢᠨ ᠨᠡᠷᠡᠮᠵᠢᠲᠦ ᠣᠯᠠᠨ ᠤᠯᠤᠰ ᠤᠨ ᠲᠡᠮᠡᠴᠡᠭᠡᠨ ᠥᠴᠥᠭᠡᠳᠦᠷ ︵01.17︶ ᠺᠷᠠᠰᠨᠤᠶᠠᠷᠢᠰᠺ ᠬᠤᠳᠠ ᠳᠤ ᠡᠬᠢᠯᠡᠭᠡᠳ ᠂ ᠡᠬᠢᠨ ᠦ ᠡᠳᠦᠷ ᠡᠮᠡᠭᠲᠡᠶᠢᠴᠦᠳ ᠦᠨ ᠵᠢᠩ ᠦᠨ ᠪᠠᠷᠢᠯᠳᠤᠭᠠᠨ ᠪᠣᠯᠬᠤ ᠳᠤ ᠮᠠᠨ ᠤ ᠪᠥᠬᠡᠴᠦᠳ ᠨᠢᠭᠡ ᠠᠯᠲᠠ᠂ ᠬᠣᠶᠠᠷ ᠮᠥᠩᠭᠥ᠂ ᠨᠢᠭᠡ ᠬᠦᠷᠡᠯ ᠮᠧᠳᠠᠯ ᠬᠦᠷᠲᠡᠯ᠎ᠡ᠃
ᠲᠣᠳᠣᠷᠠᠭᠤᠯᠪᠠᠯ᠂ 68 ᠺᠢᠯᠦᠭᠷᠡᠮ ᠤᠨ ᠵᠢᠩ ᠳᠦ 2018 ᠣᠨ ᠤ ᠵᠠᠯᠠᠭᠤᠴᠤᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠮᠥᠩᠭᠥᠨ ᠮᠸᠳᠠᠯᠲᠤ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠡ᠊∙ᠳᠡᠯᠭᠡᠷᠮ᠎ᠠ ᠠᠯᠲᠠ᠂ 53 ᠺᠢᠯᠦᠭᠷᠡᠮ ᠳᠦ ᠵᠠᠯᠠᠭᠤᠴᠤᠳ ᠤᠨ ᠳᠡᠯᠡᠬᠡᠢ ᠶᠢᠨ ᠳᠡᠳ᠋ ᠠᠪᠤᠷᠭᠤ᠂ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠪ∙ᠬᠠᠯᠢᠭᠤᠨ᠂ 59 ᠺᠢᠯᠦᠭᠷᠡᠮ ᠳᠦ ᠰᠫᠣᠷᠲ ᠤᠨ ᠮᠠᠰᠲ᠋ᠸᠷ ᠨ∙ᠡᠩᠬᠡᠲᠤᠶᠠᠭ᠎ᠠ ᠮᠥᠩᠭᠥ᠂ 55  ᠺᠢᠯᠦᠭᠷᠡᠮ ᠳᠦ ᠰᠫᠣᠷᠲ ᠤᠨ ᠮᠠᠰᠲ᠋ᠸᠷ ᠪ∙ᠬᠤᠯᠠᠨ ᠬᠦᠷᠡᠯ ᠮᠧᠳᠠᠯ ᠤᠨ ᠡᠵᠡᠨ ᠪᠣᠯᠤᠯ᠎ᠠ᠃

ᠰᠡᠳᠬᠢᠭᠳᠡᠯ ᠦᠯᠡᠳᠡᠭᠡᠬᠦ